题名 |
《ᠡᠷᠢᠬᠦᠶ ᠠ ᠬᠢᠯᠪᠠᠷ ᠪᠣᠯᠭᠠᠨ ᠵᠣᠬᠢᠶᠠᠭᠰᠠᠨ ᠮᠣᠩᠭᠤᠯ ᠦᠭᠡᠨ ᠤ ᠲᠠᠢᠯᠪᠤᠷᠢ ᠴᠢᠨᠳᠠᠮᠤᠨᠢ ᠶᠢᠨ ᠡᠷᠢᠭᠡ》 ᠶᠢᠨ ᠰᠣᠳᠣᠯᠣᠯ |
作者 |
ᠰᠢᠶᠣᠣ ᠴᠦᠨ |
关键词 |
ᠡᠷᠢᠬᠦᠶ ᠠ ᠬᠢᠯᠪᠠᠷ ᠪᠣᠯᠭᠠᠨ ᠵᠣᠬᠢᠶᠠᠭᠰᠠᠨ ᠮᠣᠩᠭᠤᠯ ᠦᠭᠡᠨ ᠤ ᠲᠠᠢᠯᠪᠤᠷᠢ ᠴᠢᠨᠳᠠᠮᠤᠨᠢ ᠶᠢᠨ ᠡᠷᠢᠭᠡ》;ᠱᠠᠭᠵᠠ; ᠮᠣᠩᠭᠤᠯ ᠲᠠᠢᠯᠪᠤᠷᠢ ᠲᠤᠯᠢ; ᠮᠣᠩᠭᠤᠯ ᠬᠡᠯᠡᠨ ᠤ ᠰᠤᠷᠭᠠᠨ ᠬᠦᠮᠦᠵᠢᠯ |
摘要 |
《ᠡᠷᠢᠬᠦᠶ ᠠ ᠬᠢᠯᠪᠠᠷ ᠪᠣᠯᠭᠠᠨ ᠵᠣᠬᠢᠶᠠᠭᠰᠠᠨ ᠮᠣᠩᠭᠤᠯ ᠦᠭᠡᠨ ᠤ ᠲᠠᠢᠯᠪᠤᠷᠢ ᠴᠢᠨᠳᠠᠮᠤᠨᠢ ᠶᠢᠨ ᠡᠷᠢᠭᠡ》ᠪᠣᠯ ᠮᠣᠩᠭᠤᠯ ᠤᠯᠤᠰ ᠤᠨ ᠬᠡᠯᠡ ᠪᠢᠴᠢᠭ ᠤᠨ ᠡᠷᠲᠡᠮᠲᠡᠨ ᠱᠠᠭᠵᠠ 1926-1929ᠣᠨ ᠤ ᠬᠤᠭᠤᠷᠤᠨᠲᠤ ᠨᠠᠢᠷᠠᠭᠤᠯᠤᠨ ᠵᠣᠬᠢᠶᠠᠭᠰᠠᠨ ᠮᠣᠩᠭᠤᠯ ᠬᠡᠯᠡᠨ ᠤ ᠲᠠᠢᠯᠪᠤᠷᠢ ᠲᠤᠯᠢ ᠪᠣᠯᠤᠨ ᠠ᠃ ᠱᠠᠭᠵᠠ ᠪᠣᠯ ᠮᠣᠩᠭᠤᠯ ᠦᠨᠳᠦᠰᠦᠲᠡᠨ ᠤ ᠰᠢᠯᠭᠠᠷᠠᠭᠰᠠᠨ ᠬᠡᠯᠡᠨ ᠤ ᠡᠷᠲᠡᠮᠲᠡᠨ᠂ ᠤᠷᠴᠢᠭᠤᠯᠤᠭᠴᠢ ᠮᠦᠨ᠃ ᠲᠡᠷᠡ ᠪᠡᠷ《《ᠡᠷᠢᠬᠦᠶ ᠠ ᠬᠢᠯᠪᠠᠷ ᠪᠣᠯᠭᠠᠨ ᠵᠣᠬᠢᠶᠠᠭᠰᠠᠨ ᠮᠣᠩᠭᠤᠯ ᠦᠭᠡᠨ ᠤ ᠲᠠᠢᠯᠪᠤᠷᠢ ᠴᠢᠨᠳᠠᠮᠤᠨᠢ ᠶᠢᠨ ᠡᠷᠢᠭᠡ》 ᠪᠠᠨ ᠵᠣᠬᠢᠶᠠᠨ ᠨᠠᠢᠷᠠᠭᠤᠯᠬᠤ ᠳ᠋ᠤ《ᠲᠦᠪᠡᠳ ᠬᠡᠯᠡ ᠶᠢᠨ ᠲᠤᠯᠢ ᠪᠢᠴᠢᠭ》᠂《ᠭᠤᠷᠪᠠᠨ ᠵᠦᠢᠯ ᠤᠨ ᠦᠭᠡ ᠬᠠᠳᠠᠮᠠᠯ ᠦᠵᠡᠬᠦᠢ ᠳ᠋ᠤᠷ ᠬᠢᠯᠪᠠᠷ ᠪᠣᠯᠭᠠᠭᠰᠠᠨ ᠪᠢᠴᠢᠭ》᠂《ᠮᠣᠩᠭᠤᠯ ᠦᠭᠡᠰ ᠤᠨ ᠬᠤᠷᠢᠶᠠᠨᠭᠰᠠᠨ ᠪᠢᠴᠢᠭ》ᠵᠡᠷᠭᠡ ᠴᠢᠩ ᠤᠯᠤᠰ ᠤᠨ ᠦᠶ ᠡ ᠳ᠋ᠤ ᠵᠣᠬᠢᠶᠠᠭᠳᠠᠭᠰᠠᠨ ᠲᠤᠯᠢ ᠪᠢᠴᠢᠭ ᠢ ᠠᠰᠢᠭᠯᠠᠵᠤ᠂ ᠲᠡᠭᠡᠷ ᠡ ᠨᠢ ᠲᠣᠬᠠᠢ ᠶᠢᠨ ᠦᠶ ᠠ ᠶᠢᠨ ᠬᠠᠯᠬ᠎ᠠ ᠠᠶᠠᠯᠭᠤ ᠶᠢᠨ ᠠᠮᠢᠲᠤ ᠬᠡᠯᠡᠯᠭᠡ ᠵᠢ ᠵᠤᠬᠢᠬᠤ ᠬᠡᠮᠵᠢᠶᠠᠨ ᠳ᠋ᠤ ᠰᠣᠩᠭᠤᠨ ᠣᠷᠤᠭᠤᠯᠵᠠᠢ᠃ |
原文 |
查看原文
|
出自 |
赤峰学院学报(蒙文哲学社会科学版)
2014年
第5期
|