题名 |
ᠳᠤᠮᠳᠠᠳᠤ ᠵᠠᠭᠤᠨ ᠦ ᠮᠣᠩᠭᠣᠯ ᠬᠡᠯᠡᠨ ᠳᠡᠬᠢ ᠡᠭᠡᠰᠢᠭ᠌ ᠵᠤᠬᠢᠴᠠᠬᠤ ᠶᠤᠰᠤᠨ ᠦ ᠲᠤᠬᠠᠢ |
作者 |
ᠪᠤᠤ ᠬᠠᠢ ᠵᠸᠨ |
关键词 |
ᠳᠤᠮᠳᠠᠳᠤ ᠵᠠᠭᠤᠨ ; ᠮᠣᠩᠭᠣᠯ ᠬᠡᠯᠡ; ᠡᠭᠡᠰᠢᠭ᠌ ᠵᠤᠬᠢᠴᠠᠬᠤ ᠶᠤᠰᠤ |
摘要 |
ᠮᠣᠩᠭᠣᠯ ᠬᠡᠯᠡᠨ ᠳᠡᠬᠢ ᠡᠭᠡᠰᠢᠭ᠌ ᠵᠤᠬᠢᠴᠠᠬᠤ ᠶᠤᠰᠤᠨ ᠪᠤᠯ ᠮᠣᠩᠭᠣᠯ ᠬᠡᠯᠡᠨ ᠦ ᠡᠭᠡᠰᠢᠭ᠌ ᠠᠪᠢᠶᠠᠨ ᠦ ᠴᠢᠬᠤᠯᠠ ᠨᠢᠭᠡ ᠤᠨᠴᠠᠯᠢᠭ ᠪᠤᠯᠤᠨ᠎ᠠ᠃ ᠳᠤᠮᠳᠠᠳᠤ ᠵᠠᠭᠤᠨ ᠦ ᠮᠣᠩᠭᠣᠯ ᠬᠡᠯᠡᠨ ᠳᠡᠬᠢ ᠡᠭᠡᠰᠢᠭ᠌ ᠵᠤᠬᠢᠴᠠᠬᠤ ᠶᠤᠰᠤᠨ ᠦ ᠲᠤᠬᠠᠢ ᠡᠷᠳᠡᠮᠳᠡᠳ ᠤᠨ ᠰᠠᠨᠠᠯ ᠠᠳᠠᠯᠢ ᠪᠤᠰᠤ ᠪᠠᠢ᠌ᠳᠠᠭ᠃ ᠬᠤᠷᠢᠶᠠᠩᠭ᠋ᠤᠢ᠌ᠯᠠᠪᠠᠯ ᠬᠤᠶᠠᠷ ᠵᠦᠢᠯ ᠤᠨ ᠠᠳᠠᠯᠢ ᠪᠤᠰᠤ ᠰᠠᠨᠠᠯ ᠪᠤᠢ᠃ ᠨᠢᠭᠡ ᠨᠢ ᠳᠤᠮᠳᠠᠳᠤ ᠵᠠᠭᠤᠨ ᠦ ᠮᠣᠩᠭᠣᠯ ᠬᠡᠯᠡᠨ ᠳᠤ ᠡᠭᠡᠰᠢᠭ᠌ ᠤᠨ ᠤᠷᠤᠭᠤᠯ ᠤᠨ ᠵᠤᠬᠢᠴᠠᠯ ᠪᠠᠢ᠌ᠭᠰᠠᠨ ᠦᠭᠡᠢ ᠭᠡᠬᠦ ᠰᠠᠨᠠᠯ ᠪᠤᠯᠤᠨ᠎ᠠ᠃ ᠨᠦᠭᠦᠬᠡ ᠨᠢᠭᠡ ᠨᠢ ᠳᠤᠮᠳᠠᠳᠤ ᠵᠠᠭᠤᠨ ᠦ ᠮᠣᠩᠭᠣᠯ ᠬᠡᠯᠡᠨ ᠳᠤ ᠡᠭᠡᠰᠢᠭ᠌ ᠤᠨ ᠤᠷᠤᠭᠤᠯ ᠤᠨ ᠵᠤᠬᠢᠴᠠᠯ ᠪᠠᠢ᠌ᠨ᠎ᠠ ᠬᠡᠭᠦ ᠰᠠᠨᠠᠯ ᠪᠤᠯᠤᠨ᠎ᠠ᠃ ᠳᠤᠰ ᠦᠭᠦᠯᠡᠯ ᠳᠤ ᠪᠢ ᠡᠷᠳᠡᠮᠳᠠᠳ ᠤᠨ ᠰᠠᠨᠠᠯ ᠳᠤ ᠲᠤᠯᠭᠠᠭᠤᠷᠢᠯᠠᠭᠤᠯᠵᠤ ᠳᠤᠮᠳᠠᠳᠤ ᠵᠠᠭᠤᠨ ᠦ ᠮᠣᠩᠭᠣᠯ ᠬᠡᠯᠡᠨ ᠳᠡᠬᠢ ᠡᠭᠡᠰᠢᠭ᠌ ᠵᠤᠬᠢᠴᠠᠬᠤ ᠶᠤᠰᠤᠨ ᠪᠠᠢ᠌ᠭᠰᠠᠨ ᠪᠤᠯᠪᠠᠴᠤ ᠳᠡᠷᠡ ᠨᠢ ᠵᠢᠭᠳᠡ ᠪᠤᠰᠤ ᠪᠠᠢ᠌ᠳᠠᠯ ᠲᠠᠢ ᠪᠠᠢ᠌ᠵᠠᠢ ᠬᠡᠬᠦ ᠦᠵᠡᠯᠳᠡ ᠪᠡᠨ ᠲᠤᠷᠠᠳᠪᠠ᠃ |
原文 |
查看原文
|
出自 |
赤峰学院学报(蒙文哲学社会科学版)
2007年
第1期
|