题名 |
ᠮᠣᠩᠭᠤᠯ ᠡᠮᠨᠡᠯᠭᠡ ᠶᠢᠨ ᠡᠮᠴᠢᠯᠡᠭᠡᠨ ᠳᠦ ᠬᠢ ᠡᠮ ᠬᠡᠷᠡᠭᠯᠡᠭᠡᠨ ᠦ ᠣᠨᠣᠯ ᠤᠨ ᠠᠰᠠᠭᠤᠳᠠᠯ ᠢ ᠰᠦᠪᠡᠭ᠍ᠴᠢᠯᠡᠬᠦ ᠨᠢ |
作者 |
ᠵᠤᠤ ᠪᠠᠢ ᠰᠦᠢ; ᠪᠤᠶᠠᠨᠲᠤ; ᠯᠢᠨᠠ |
关键词 |
ᠮᠣᠩᠭᠤᠯ ᠡᠮᠨᠡᠯᠭᠡ; ᠣᠨᠣᠯ ᠡᠮᠴᠢᠯᠡᠭᠡ; ᠡᠮ ᠬᠡᠷᠡᠭᠯᠡᠬᠦ |
摘要 |
ᠮᠣᠩᠭᠤᠯ ᠡᠮᠴᠢᠯᠡᠭᠡ ᠶᠢᠨ ᠡᠮᠴᠢᠯᠡᠭᠡᠨ ᠦ ᠪᠤᠳᠠᠲᠤ ᠦᠢᠯᠡᠳᠦᠯᠭᠡ ᠳᠤᠮᠳᠠ ᠣᠯᠠᠨ ᠵᠤᠢ᠌ᠯ ᠤᠨ ᠠᠰᠠᠭᠤᠳᠠᠯ ᠣᠷᠤᠰᠢᠵᠤ ᠪᠠᠢ᠌ᠳᠠᠭ᠃ ᠡᠭᠦᠨ ᠦ ᠳᠤᠲᠤᠷ᠎ᠠ ᠬᠠᠮᠤᠭ ᠤᠨ ᠲᠤᠯᠭᠠᠮ᠎ᠠ ᠮᠦᠷᠲᠡᠭᠡᠨ ᠬᠦᠴᠢᠷ ᠲᠡᠢ ᠠᠰᠠᠭᠤᠳᠠᠯ ᠭᠡᠪᠡᠯ ᠣᠨᠣᠯ ᠡᠮᠴᠢᠯᠡᠭᠡ ᠶᠢ ᠤᠶᠠᠯᠳᠤᠭᠤᠯᠬᠤ ᠶᠠᠪᠤᠳᠠᠯ ᠪᠤᠯᠤᠨ᠎ᠠ᠃ ᠣᠳᠤᠬᠠᠨ ᠳᠤ ᠮᠣᠩ᠋ᠭᠤᠯ ᠡᠮᠨᠡᠯᠭᠡ ᠶᠢᠨ ᠡᠩ᠋ᠨᠡᠭᠡᠨ ᠳᠦ ᠡᠮᠴᠢᠯᠡᠭᠡ ᠶᠢ ᠬᠦᠨᠳᠦᠳᠭᠡᠬᠦ ᠪᠤᠯᠪᠠᠴᠤ ᠣᠨᠣᠯ ᠢ ᠬᠦᠩᠭᠡᠪᠴᠢᠯᠡᠵᠦ᠂ ᠣᠨᠣᠯ ᠡᠮᠴᠢᠯᠡᠭᠡ ᠶᠢ ᠤᠶᠠᠯᠳᠤᠭᠤᠯᠬᠤ ᠶᠢ ᠴᠢᠬᠤᠯᠠᠴᠢᠯᠠᠬᠤ ᠦᠭᠡᠢ ᠪᠠᠢ᠋ᠳᠠᠯ ᠨᠤᠴᠢᠲᠠᠢ ᠣᠷᠤᠰᠢᠵᠤ ᠪᠠᠢ᠌ᠨ᠎ᠠ᠃ ᠡᠢ᠌ᠮᠦᠷᠭᠦᠦ ᠪᠠᠢ᠌ᠳᠠᠯ ᠬᠡᠷᠪᠡ ᠤᠷᠲᠤ ᠬᠤᠭᠤᠴᠠᠭ᠎ᠠ ᠦᠷᠭᠦᠯᠵᠢᠯᠡᠬᠦ ᠳᠦ ᠬᠦᠷᠪᠡᠯ ᠮᠣᠩ᠋ᠭᠤᠯ ᠠᠨᠠᠭᠠᠬᠤ ᠤᠬᠠᠭᠠᠨ ᠤ ᠪᠦᠬᠦ ᠲᠠᠯ᠎ᠠ ᠶᠢᠨ ᠬᠦᠭ᠍ᠵᠢᠯᠲᠡ ᠳᠦ ᠵᠠᠢ᠌ᠯᠠᠰᠢ ᠦᠭᠡᠢ ᠨᠠᠵᠠᠭᠠᠢ ᠨᠦᠯᠦᠭᠡ ᠦᠵᠡᠭᠦᠯᠬᠦ ᠪᠤᠯᠤᠨ᠎ᠠ᠃ ᠲᠤᠰ ᠦᠭᠦᠯᠡᠯ ᠳᠦ ᠮᠣᠩ᠋ᠭᠤᠯ ᠡᠮᠨᠡᠯᠭᠡ ᠶᠢᠨ ᠡᠮᠴᠢᠯᠡᠭᠡ ᠲᠡᠢ ᠬᠠᠮᠤᠭ ᠤᠨ ᠨᠢᠭᠲᠠ ᠬᠤᠯᠪᠤᠭ᠎ᠠ ᠪᠦᠬᠦᠢ ᠡᠪᠡᠳᠴᠢᠨ ᠦ ᠰᠢᠯᠲᠠᠭᠠᠨ᠂ ᠤᠷᠪᠠᠯᠲᠠ ᠶᠢᠨ ᠬᠡᠯᠪᠡᠷᠢ᠂ ᠡᠪᠡᠳᠴᠢᠯᠡᠬᠦ ᠵᠦᠢ᠂ ᠤᠷᠪᠠᠯᠲᠠ ᠶᠢᠨ ᠶᠠᠪᠤᠴᠠ᠂ ᠡᠪᠡᠳᠴᠢᠨ ᠦ ᠬᠦᠴᠦ ᠵᠡᠷᠭᠡ ᠣᠨᠣᠯ ᠤᠨ ᠲᠠᠯ᠎ᠠ ᠶᠢᠨ ᠬᠡᠳᠦᠨ ᠠᠰᠠᠭᠤᠳᠠᠯ ᠢ ᠲᠤᠢ᠌ᠮᠤᠴᠢᠯᠠᠨ ᠲᠠᠨᠢᠯᠴᠠᠭᠤᠯᠬᠤ ᠶᠢᠨ ᠬᠠᠮᠲᠤ ᠠᠬᠠᠮᠠᠳ ᠮᠣᠩ᠋ᠭᠤᠯ ᠡᠮᠴᠢ ᠨᠠᠷ ᠤᠨ ᠡᠮᠴᠢᠯᠡᠭᠡᠨ ᠦ ᠭᠠᠷ ᠠᠪᠤᠯᠭ᠎ᠠ ᠳᠤ ᠬᠢ ᠣᠨᠣᠯ ᠡᠮᠴᠢᠯᠡᠭᠡ ᠤᠶᠠᠯᠳᠤᠭᠰᠠᠨ ᠬᠤᠪᠢᠰᠤᠩ᠋ᠭᠤᠢ ᠡᠮᠴᠢᠯᠡᠭᠡᠨ ᠦ ᠵᠢᠱᠢᠶ᠎ᠡ ᠡᠴᠡ ᠬᠡᠳᠦᠨ ᠵᠢᠱᠢᠶ᠎ᠡ ᠲᠠᠲᠠᠵᠤ᠂ ᠮᠣᠩ᠋ᠭᠤᠯ ᠠᠨᠠᠭᠠᠬᠤ ᠤᠬᠠᠭᠠᠨ ᠤ ᠣᠨᠣᠯ ᠢᠶᠠᠷ ᠰᠦᠪᠡᠭ᠍ᠴᠢᠯᠡᠨ ᠰᠢᠨᠵᠢᠯᠡᠵᠦ ᠵᠠᠳᠠᠯᠤᠨ ᠲᠠᠢ᠌ᠯᠪᠤᠷᠢᠯᠠᠵᠠᠢ᠃ |
原文 |
查看原文
|
出自 |
内蒙古民族大学学报(蒙医药学)
2011年
第1期
|