题名 |
ᠶᠣᠩᠽᠦ᠋ᠩ ᠭᠡᠭᠡᠨ ᠵᠠᠮᠢᠶᠠᠨ ᠤ《ᠠᠷᠤ ᠬᠤᠷᠴᠢᠨ ᠤ ᠮᠠᠭᠲᠠᠭᠠᠯ》 ᠳ᠋ᠤ ᠵᠦᠢᠷᠯᠡᠨ ᠮᠠᠭᠲᠠᠭᠰᠠᠨ ᠦᠯᠵᠡᠶᠢᠲᠦ ᠨᠠᠢᠮᠠᠨ ᠲᠡᠮᠳᠡᠭ ᠤᠨ ᠲᠣᠬᠠᠢ |
作者 |
ᠬᠠᠰᠴᠢᠯᠠᠭᠤ |
关键词 |
ᠲᠠᠪᠤᠳᠤᠭᠠᠷ ᠳᠦᠷᠢ ᠵᠢᠨ ᠶᠤᠩᠽᠦ᠋ᠩ ᠭᠡᠭᠡᠨ ᠠᠭᠸᠩᠭᠡᠯᠢᠭ᠍ᠵᠢᠮᠢᠶᠠᠨᠵᠠᠮᠰᠤ;《ᠠᠷᠤ ᠬᠤᠷᠴᠢᠨ ᠤ ᠮᠠᠭᠲᠠᠭᠠᠯ》; ᠪᠣᠳ᠋ᠳ᠋ᡁᠠ ᠵᠢᠨ ᠱᠠᠰᠢᠨ; ᠦᠯᠵᠡᠶᠢᠲᠦ ᠨᠠᠢᠮᠠᠨ ᠲᠡᠮᠳᠡᠭ |
摘要 |
ᠲᠠᠪᠤᠳᠤᠭᠠᠷ ᠳᠦᠷᠢ ᠵᠢᠨ ᠶᠤᠩᠽᠦ᠋ᠩ ᠭᠡᠭᠡᠨ ᠠᠭᠸᠩᠭᠡᠯᠢᠭ᠍ᠵᠠᠮᠢᠶᠠᠨᠵᠠᠮᠰᠤ ᠮᠣᠩᠭ᠋ᠤᠯ᠂ ᠲᠦᠪᠡᠳ᠂ ᠬᠢᠲᠡᠳ ᠪᠢᠴᠢᠭ᠌ ᠢ ᠭᠦᠨ ᠰᠤᠷᠴᠦ ᠰᠣᠳᠤᠯᠤᠭᠰᠠᠨ ᠪᠦᠭᠡᠳ ᠰᠢᠯᠦᠭ ᠤᠶᠠᠩᠭ᠋ ᠠ ᠳᠤ ᠳᠤᠷ ᠠ ᠪᠠᠬ ᠠ ᠲᠠᠢ ᠪᠠᠶᠢᠵᠤ᠂ ᠱᠠᠰᠢᠨ ᠤ ᠠᠵᠢᠯᠯᠠᠭ᠋ ᠠ᠂ ᠬᠣᠪᠢᠰᠭᠠᠯ ᠤᠨ ᠠᠵᠢᠯ ᠪᠠ ᠨᠡᠶᠢᠭᠡᠮ ᠵᠢᠷᠤᠮᠲᠤ ᠪᠦᠲᠦᠭᠡᠨ ᠪᠠᠶᠢᠭᠤᠯᠤᠯᠲᠠ ᠵᠢᠨ ᠦᠢᠯᠡᠰ ᠲᠤ ᠦᠢᠯᠡᠴᠢᠯᠡᠬᠦ ᠵᠢᠨ ᠰᠠᠴᠠᠭᠤ ᠰᠢᠯᠦᠭ ᠵᠣᠬᠢᠶᠠᠯ᠂ ᠦᠭᠦᠯᠡᠯ ᠲᠡᠮᠳᠡᠭᠯᠡᠯ᠂ ᠰᠦᠮ ᠡ ᠭᠡᠶᠢᠳ ᠤᠨ ᠲᠡᠦᠬᠡ ᠵᠡᠷᠭᠡ ᠵᠢ ᠲᠤᠭᠤᠷᠪᠢᠨ ᠪᠢᠴᠢᠭᠰᠡᠨ ᠪᠦᠭᠡᠳ ᠲᠦᠪᠡᠳ ᠬᠡᠯᠡᠨ ᠡᠴᠡ ᠪᠣᠷᠬᠠᠨ ᠤ ᠱᠠᠰᠢᠨ ᠤ ᠰᠢᠯᠦᠭ ᠵᠣᠬᠢᠶᠠᠯ ᠤᠳ ᠢ ᠣᠷᠴᠢᠭᠤᠯᠤᠭᠰᠠᠨ ᠪᠠᠶᠢᠨ᠌ ᠠ᠃ ᠲᠡᠭᠦᠨ ᠤ《ᠠᠷᠤ ᠬᠤᠷᠴᠢᠨ ᠤ ᠮᠠᠭᠲᠠᠭᠠᠯ》 ᠨᠢ 《ᠠᠩᠭᠠᠨ ᠡᠴᠡ ᠠᠯᠳᠠᠷ ᠴᠤᠤᠲᠤ ᠦᠯᠦᠭᠡᠢ ᠨᠤᠲᠤᠭ ᠪᠣᠯᠤᠭᠰᠠᠨ》ᠠᠷᠤ ᠬᠤᠷᠴᠢᠨ ᠢ ᠪᠣᠳ᠋ᠳ᠋ᡁᠨ ᠵᠢᠨ ᠱᠠᠰᠢᠨ ᠤ《ᠠᠭᠤᠤ ᠨᠠᠢᠮᠠᠨ ᠦᠯᠵᠡᠢ ᠪᠡᠯᠭᠡᠲᠦ ᠡᠳ᠋ ᠤᠳ ᠵᠢᠡᠷ ᠦᠯᠢᠭᠡᠷᠯᠡᠨ》ᠮᠠᠭᠲᠠᠵᠤ ᠰᠢᠯᠦᠭ᠍ᠯᠡᠵᠡᠢ᠃《ᠠᠭᠤᠤ ᠨᠠᠢᠮᠠᠨ ᠦᠯᠵᠡᠢ ᠪᠡᠯᠭᠡᠲᠦ ᠡᠳ᠋》ᠭᠡᠵᠦ ᠦᠯᠵᠡᠶᠢᠲᠦ ᠨᠠᠢᠮᠠᠨ ᠲᠡᠮᠳᠡᠭ ᠢ ᠬᠡᠯᠡᠵᠦ ᠪᠠᠶᠢᠨ᠌ ᠠ᠂ ᠡᠨᠡ ᠨᠢ ᠡᠷᠳᠡᠨᠢ ᠰᠢᠭᠦᠷ᠂ ᠠᠯᠲᠠᠨ ᠬᠦᠷᠳᠦ ᠵᠡᠷᠭᠡ ᠨᠠᠢᠮᠠᠨ ᠡᠳ᠋ ᠤᠨ ᠵᠠᠭᠪᠤᠷ ᠪᠣᠶᠤ ᠵᠢᠷᠤᠭ ᠢ ᠪᠣᠷᠬᠠᠨ ᠤ ᠳᠠᠬᠢᠯ ᠭᠡᠵᠦ ᠦᠵᠡᠬᠦ ᠰᠦᠮ ᠡ ᠭᠡᠶᠢᠳ᠂ ᠤᠷᠲᠤ ᠬᠠᠷᠰᠢ ᠵᠢᠨ ᠬᠠᠨ᠌ ᠠ ᠳᠡᠭᠡᠷ ᠡ ᠵᠢᠷᠤᠵᠤ ᠰᠡᠶᠢᠯᠳᠡᠭ ᠪᠠᠶᠢᠵᠠᠢ᠃ |
原文 |
查看原文
|
出自 |
内蒙古民族大学学报(社会科学)
2006年
第3期
|