摘要 |
ᠡᠨᠲᠡ ᠮᠣᠩᠭᠤᠯ ᠵᠦᠢᠷ ᠰᠡᠴᠡᠨ ᠦᠭᠡ ᠶᠢᠨ ᠬᠡᠯᠡ ᠨᠠᠢᠷᠠᠭᠤᠯᠭ᠎ᠠ ᠶᠢᠨ ᠣᠨᠴᠠᠯᠢᠭ ᠢ ᠨᠠᠷᠢᠪᠴᠢᠯᠠᠨ ᠦᠵᠡᠬᠦ ᠳ᠋ᠡᠭᠡᠨ ᠪᠠᠰᠠ ᠬᠤᠯᠪᠤᠭ ᠠ ᠬᠤᠷᠰᠢᠶ ᠠ ᠦᠭᠡ᠂ ᠶᠢᠷᠴᠢᠨᠴᠦ ᠶᠢᠨ ᠭᠤᠷᠪᠠ᠂ ᠶᠢᠷᠲᠢᠨᠴᠦ ᠶᠢᠨ ᠲᠦᠷᠪᠡ ᠭᠡᠬᠦ ᠵᠡᠷᠭᠡ ᠵᠢ ᠪᠠᠭᠲᠠᠭᠠᠨ ᠦᠵᠡᠬᠦ ᠪᠣᠯᠤᠨ᠎ᠠ᠃ ᠤᠴᠢᠷ ᠨᠢ᠂ ᠡᠳᠡᠭᠡᠷ ᠤᠨ ᠭᠡᠯᠡ ᠨᠠᠢᠷᠠᠭᠤᠯᠭ᠎ᠠ ᠶᠢᠨ ᠠᠷᠭ᠎ᠠ ᠪᠠᠷᠢᠯ ᠨᠢ ᠦᠨᠳᠦᠰᠦᠨ ᠳ᠋ᠡᠭᠡᠨ ᠠᠳᠠᠯᠢᠪᠲᠤᠷ ᠪᠠᠢᠵᠤ᠂ ᠡᠭᠦᠯ ᠪᠤᠷᠤᠭᠵᠢᠭᠤᠨ ᠬᠡᠯᠡ ᠬᠡᠯᠡᠭᠡ ᠲᠠᠢ᠂ ᠠᠪᠰᠠᠷᠬᠠᠨ ᠴᠣᠮᠬᠠᠨ ᠬᠡᠯᠪᠡᠷᠢ ᠪᠦᠲᠦᠴᠡ ᠲᠠᠢ᠂ ᠬᠦᠨ ᠬᠦᠨᠵᠡᠭᠡᠢ ᠰᠢᠨᠵᠢᠯᠡᠬᠦ ᠤᠬᠠᠭᠠᠨᠴᠢ ᠶᠣᠰᠤ ᠵᠦᠢ ᠲᠠᠢ᠂ ᠡᠷᠬᠢᠮ ᠪᠣᠯᠪᠠᠰᠤᠨ ᠶᠣᠰᠤ ᠰᠤᠷᠲᠠᠬᠤᠨ ᠠ ᠠᠭᠤᠯᠭ᠎ᠠ ᠲᠠᠢ ᠪᠠᠢᠳᠠᠭ᠃ ᠵᠦᠢᠷ ᠰᠡᠴᠷᠨ ᠦᠭᠡ ᠶᠢᠨ ᠦᠨᠳᠦᠰᠦᠨ ᠵᠦᠢᠯ ᠪᠣᠯ ᠦᠭᠡ ᠬᠡᠯᠡ ᠪᠡᠷ ᠲᠠᠪᠢᠰᠭᠡᠷᠯᠡᠵᠦ ᠤᠴᠢᠷ ᠶᠣᠰᠤ ᠵᠢ ᠦᠭᠦᠯᠡᠬᠦ ᠪᠡᠷ ᠭᠤᠤᠯᠯᠠᠭᠰᠠᠨ ᠬᠡᠯᠡ ᠶᠠᠷᠢᠶᠠᠨ ᠤ ᠬᠦᠰᠢᠶ ᠠ ᠲᠤᠷᠠᠰᠬᠠᠯ ᠪᠣᠯᠬᠤ ᠶᠣᠮ᠃ ᠲᠡᠷᠡ ᠨᠢ ᠠᠷᠠᠳ ᠤᠨ ᠤᠨ ᠠᠮᠠᠨ ᠵᠣᠬᠢᠶᠠᠯ ᠤᠨ ᠨᠢᠭᠡᠨ ᠬᠡᠯᠪᠡᠷᠢ ᠪᠣᠯᠬᠤ ᠮᠦᠷᠲᠡᠭᠡᠨ ᠤᠷᠠᠨ ᠵᠣᠬᠢᠶᠠᠯ ᠤᠨ ᠰᠲ᠋ᠢᠯᠢ ᠶᠢᠨ ᠨᠢᠭᠡ ᠪᠣᠯᠵᠤ ᠲᠠᠭᠠᠷᠠᠨ᠎ᠠ᠃ |