题名 |
ᠴᠢᠩ ᠲᠦᠷᠦ ᠶᠢᠨ ᠦᠶ ᠡ ᠶᠢᠨ ᠲᠠᠷᠪᠠᠭᠠᠲᠠᠢ ᠬᠠᠷᠢᠶᠠᠲᠤ ᠮᠣᠩᠭ᠋ᠤᠯ ᠨᠡᠷ ᠡ ᠲᠠᠢ ᠬᠠᠷᠠᠭᠤᠯ ᠤᠨ ᠲᠣᠬᠠᠢ ᠦᠭᠦᠯᠡᠬᠦ ᠨᠢ |
作者 |
ᠳ᠋ᠣ᠂ᠮᠦᠩᠬᠡ |
关键词 |
ᠲᠠᠷᠪᠠᠭᠠᠲᠠᠢ ᠶᠢᠨ ᠬᠠᠷᠢᠶᠠᠲᠤ ᠬᠠᠷᠠᠭᠤᠯ;ᠮᠣᠩᠭ᠋ᠤᠯ ᠭᠠᠵᠠᠷ ᠤᠨ ᠨᠡᠷ ᠡ ᠶᠢᠨ ᠰᠣᠳᠣᠯᠣᠯ; ᠠᠴᠢ ᠬᠣᠯᠪᠤᠭᠳᠠᠯ |
摘要 |
ᠦᠭᠦᠯᠡᠯ ᠳᠤ ᠡᠷᠲᠡᠨ ᠤ ᠰᠣᠷᠪᠤᠯᠵᠢ ᠮᠠᠲ᠋ᠸᠷᠢᠶᠠᠯ ᠤᠨ ᠰᠠᠭᠤᠷᠢ ᠲᠡᠭᠡᠷ ᠡ ᠴᠢᠩ ᠲᠦᠷᠦ ᠶᠢᠨ ᠦᠶ ᠡ ᠶᠢᠨ ᠲᠠᠷᠪᠠᠭᠠᠲᠠᠢ ᠶᠢᠨ ᠬᠠᠷᠢᠶᠠᠲᠤ ᠬᠠᠷᠠᠭᠤᠯ ᠤᠨ ᠮᠣᠩᠭ᠋ᠤᠯ ᠭᠠᠵᠠᠷ ᠤᠨ ᠨᠡᠷ ᠡ ᠵᠢ ᠮᠣᠩᠭ᠋ᠤᠯ ᠨᠡᠷ ᠡ᠂ ᠲᠣᠲᠤ ᠪᠢᠴᠢᠯᠭᠡ᠂ᠬᠢᠲᠠᠳ ᠨᠡᠷ ᠡ᠂ᠲᠠᠭᠤᠳᠠᠯᠭ᠋ ᠠ ᠶᠢᠨ ᠯᠠᠲ᠋ᠢᠨ ᠭᠠᠯᠢᠭ᠂ᠭᠠᠵᠠᠷ ᠤᠨ ᠨᠡᠷ ᠡ ᠶᠢᠨ ᠤᠳᠬ ᠠ ᠤᠴᠢᠷ᠂ ᠢᠷᠡᠯ ᠭᠠᠷᠤᠯ᠂ ᠲᠣᠬᠠᠢ ᠶᠢᠨ ᠭᠠᠵᠠᠷ ᠤᠨ ᠭᠠᠵᠠᠷ ᠵᠦᠢ ᠶᠢᠨ ᠪᠠᠢᠢᠷᠢᠯᠠᠯ ᠪᠠ ᠣᠳᠣ ᠶᠢᠨ ᠨᠡᠷᠡᠢᠢᠳᠦᠯᠭᠡ ᠵᠡᠷᠭᠡ ᠬᠡᠳᠦᠨ ᠲᠠᠯ ᠠ ᠡᠴᠡ ᠨᠠᠷᠢᠪᠴᠢᠯᠠᠵᠤ᠂ ᠲᠠᠷᠪᠠᠭᠠᠲᠠᠢ ᠶᠢᠨ ᠬᠠᠷᠢᠶᠠᠲᠤ ᠡᠷᠲᠡᠨ ᠤ ᠬᠠᠷᠠᠭᠤᠯ ᠬᠣᠨᠢ ᠮᠠᠢᠢᠯᠠᠬᠤ᠂ ᠮᠠᠨᠢᠲᠤ ᠭᠠᠲᠤᠯᠠᠨ ᠂ᠤᠯᠠᠭᠠᠨ ᠪᠣᠷᠠᠭ᠋ ᠠ ᠮᠡᠲᠦ ᠣᠯᠠᠨ ᠬᠠᠷᠠᠭᠤᠯ ᠨᠢ ᠣᠢᠢᠷᠠᠳ ᠤᠨ ᠲᠡᠦᠬᠡ ᠰᠣᠶᠣᠯ ᠰᠣᠳᠣᠯᠣᠯ ᠨᠡᠩ ᠢᠯᠠᠩᠭ᠋ᠤᠶ ᠠ《ᠮᠣᠩᠭ᠋ᠤᠯ᠊—ᠣᠢᠢᠷᠠᠳ ᠤᠩ ᠴᠠᠭᠠᠵᠠ ᠪᠢᠴᠢᠭ᠌ 》ᠤᠨ ᠰᠣᠳᠣᠯᠣᠯ ᠲᠠᠢ ᠨᠢᠭᠲᠠ ᠬᠣᠯᠪᠤᠭᠳᠠᠵᠤ ᠪᠠᠢᠢᠳᠠᠭ ᠲᠤᠯᠠ ᠵᠣᠬᠢᠬᠤ ᠡᠷᠳᠡᠮ ᠰᠢᠨᠵᠢᠯᠡᠭᠡᠨ ᠤ ᠠᠴᠢ ᠬᠣᠯᠪᠤᠭᠳᠠᠯ ᠲᠠᠢ ᠪᠠᠢᠢᠳᠠᠭ ᠭᠡᠰᠡᠨ ᠰᠠᠨᠠᠭ᠋ ᠠ ᠭᠠᠷᠠᠭᠠᠵᠠᠢ᠃ |
原文 |
查看原文
|
出自 |
西北民族大学学报
2010年
第2期
|