摘要 |
ᠳᠤᠰ ᠥᠭᠥᠯᠡᠯ ᠳᠤ 《ᠳᠤᠮᠳᠠᠳᠤ ᠤᠯᠤᠰ ᠤᠨ ᠮᠣᠩᠭᠣᠯ ᠬᠡᠯᠡᠨ ᠦ ᠪᠠᠷᠢᠮᠵᠢᠶ ᠠ ᠠᠪᠢᠶᠠᠨ ᠦ ᠠᠪᠢᠶᠠᠯᠠᠪᠤᠷᠢ ᠶᠢᠨ ᠰᠢᠰᠲ᠋ᠸᠮ》᠂ 《ᠮᠣᠩᠭᠣᠯ ᠬᠡᠯᠡᠨ ᠦ ᠪᠠᠷᠢᠮᠵᠢᠶ ᠠᠨᠪᠢᠶᠠᠨ ᠦ ᠬᠢᠷᠢ ᠬᠡᠮ ᠢ ᠰᠢᠯᠭᠠᠬᠤ ᠬᠦᠳᠦᠯᠪᠦᠷᠢ》ᠪᠠᠷ ᠪᠠᠷᠢᠮᠳᠠ ᠪᠤᠯᠭᠠᠨ ᠂ ᠮᠣᠩᠭᠣᠯ ᠬᠡᠯᠡᠨ ᠦ ᠪᠠᠷᠢᠮᠵᠢᠶ ᠠ ᠠᠪᠢᠶ᠎ᠠ ᠶᠢ ᠳᠡᠯᠭᠡᠷᠡᠭᠦᠯᠬᠦ ᠦᠢᠯᠡᠳᠦᠯᠭᠡ ᠶᠢᠨ ᠶᠠᠪᠤᠴᠠ ᠳᠤ ᠂ ᠮᠣᠩᠭᠣᠯ ᠬᠡᠯᠡᠨ ᠦ ᠪᠠᠷᠢᠮᠵᠢᠶ ᠠ ᠠᠪᠢᠶ᠎ᠠ ᠶᠢ ᠮᠣᠩᠭᠣᠯ ᠬᠡᠯᠡᠨ ᠦ ᠤᠨᠴᠠᠯᠢᠭ ᠪᠤᠯᠤᠨ ᠬᠦᠭ᠍ᠵᠢᠯ ᠤᠨ ᠲᠦᠷᠢᠮ ᠬᠠᠤᠯᠢ ᠳᠤ ᠨᠡᠢᠴᠡᠭᠦᠯᠬᠦ ᠂ ᠪᠠᠷᠢᠮᠵᠢᠶ ᠡ ᠠᠪᠢᠶᠠᠨ ᠦ ᠳᠠᠭᠤᠳᠠᠯᠭ᠎ᠠ ᠶᠢᠨ ᠲᠤᠳᠤᠷᠬᠠᠢ ᠨᠠᠷᠢᠨ ᠵᠠᠷᠴᠢᠮ ᠲᠤᠭᠳᠠᠭᠠᠬᠤ᠂ ᠪᠠᠷᠢᠨᠵᠢᠶ ᠠ ᠠᠪᠢᠶᠠᠨ ᠦᠭᠠᠯᠢᠭ ᠬᠢᠭᠡᠳ ᠭᠠᠯᠢᠭᠯᠠᠬᠤ ᠵᠠᠷᠴᠢᠮ᠂ ᠪᠠᠷᠢᠮᠵᠢᠶ ᠠ ᠠᠪᠢᠶ᠎ᠠ ᠶᠢ ᠳᠡᠯᠭᠡᠷᠡᠭᠦᠯᠬᠦ ᠳᠤ ᠵᠡᠭᠡᠯᠡᠭᠡ ᠦᠭᠡᠨ ᠦ ᠠᠪᠢᠶ ᠠ ᠶᠢ ᠬᠡᠷᠬᠢᠨ ᠰᠢ᠌ᠳᠪᠦᠷᠢᠯᠡᠬᠦ ᠵᠡᠷᠭᠡ ᠬᠡᠳᠦᠨ ᠲᠠᠯ ᠠ ᠪᠠᠷ ᠤᠷᠤᠰᠢᠵᠤ ᠪᠠᠢ᠌ᠭ᠎ᠠ ᠠᠰᠠᠭᠤᠳᠠᠯ ᠤᠨ ᠲᠤᠬᠠᠢ ᠥᠭᠥᠯᠡᠵᠦ ᠂ ᠥᠪᠡᠷ ᠤᠨ ᠰᠠᠨᠠᠯ ᠶᠢᠨᠨ ᠲᠤᠷᠠᠳᠴᠠᠢ᠃ |