摘要 |
ᠮᠠᠨᠳᠤᠬᠠᠢ ᠪᠣᠯ ᠮᠠᠨᠳᠤᠭᠤᠯ ᠬᠠᠭᠠᠨ ᠤ ᠨᠠᠰᠤ ᠨᠦᠭᠴᠢᠭᠰᠡᠨ ᠤ ᠲᠠᠷᠠᠭ᠎ᠠ ᠬᠠᠭᠠᠨ ᠤᠷᠲᠤ ᠶᠢᠨ ᠶᠡᠬᠡ ᠡᠷᠬᠡ ᠵᠢ ᠠᠳᠬᠤᠵᠤ ᠮᠣᠩᠭᠤᠯ ᠢ ᠬᠠᠮᠢᠶᠠᠷᠴᠦ ᠪᠠᠢᠪᠠ᠃ ᠲᠡᠭᠦᠨ ᠢ ᠪᠡᠯᠪᠡᠰᠦᠨ ᠪᠠᠬᠤ ᠦᠶᠡᠰ ᠲᠦ᠂ ᠬᠤᠷᠴᠢᠨ ᠤ ᠨᠤᠶᠠᠨᠪᠤᠯᠤᠳ ᠲᠡᠭᠦᠨ ᠡᠴᠡ ᠤᠷᠤᠭ ᠭᠤᠶᠤᠵᠦ ᠬᠡᠯᠡᠭᠰᠡᠨ ᠨᠢ 《ᠬᠠᠯ ᠴᠢᠨᠤ ᠵᠢᠬᠠᠵᠤ ᠦᠭᠰᠦ》 ᠭᠡᠪᠡ᠃ ᠰᠡᠴᠡᠨ ᠰᠡᠷᠭᠦᠯᠡᠩ ᠮᠠᠨᠳᠤᠬᠠᠠᠢ ᠬᠠᠲᠤᠨ ᠨᠤᠶᠠᠨᠪᠤᠯᠤᠳ ᠤᠨ ᠲᠡᠬᠦᠨ ᠡᠴᠡ ᠤᠷᠤᠭ ᠭᠤᠶᠤᠵᠤ ᠪᠠᠢᠬᠤ ᠨᠢ ᠦᠪᠡᠷ ᠤᠨ ᠪᠡᠶ ᠠ ᠨᠢ ᠮᠣᠠᠩᠭᠤᠯ ᠤᠨ ᠬᠠᠭᠠᠨ ᠤᠷᠤ ᠶᠢᠨ ᠶᠡᠬᠡ ᠡᠷᠬᠡ ᠵᠢ ᠠᠳᠬᠤᠵᠤ ᠪᠠᠢᠬᠤ ᠡᠴᠡ ᠪᠣᠯᠤᠭᠰᠠᠨ ᠢ ᠠᠨᠳᠠᠯ ᠦᠭᠡᠢ ᠮᠡᠳᠡᠵᠦ ᠪᠠᠢᠪᠠ᠃ ᠮᠠᠨᠳᠤᠬᠠᠢ ᠬᠠᠲᠤᠨ ᠬᠡᠷᠪᠡ ᠲᠡᠭᠦᠨ ᠲᠠᠢ ᠬᠡᠷᠯᠡᠪᠡᠯ᠂ ᠨᠤᠶᠠᠨᠪᠤᠯᠤᠳ ᠲᠠᠷᠤᠢ ᠶᠡᠬᠡ ᠬᠠᠭᠠᠨ ᠤ ᠡᠷᠳᠡᠨᠢ ᠶᠢᠨ ᠰᠠᠭᠤᠷᠢᠨ ᠳ᠋ᠤᠭᠠᠷᠤᠭᠰᠠᠨ ᠶᠠᠪᠤᠳᠠᠯ ᠪᠣᠯᠤᠨ᠎ᠠ᠃ ᠡᠢᠮᠦ ᠡᠴᠡ ᠮᠠᠨᠳᠤᠬᠠᠢ ᠬᠠᠳᠤᠨ ᠲᠡᠭᠦᠨ ᠢ ᠲᠠᠰᠤ ᠲᠠᠪᠴᠢᠵᠦ᠂ ᠡᠷᠡᠰ ᠰᠢᠭᠤᠷᠬᠠᠢ ᠪᠡᠷ ᠵᠢᠭᠠᠵᠤ ᠭᠠᠷᠭᠠᠭᠰᠠᠨ ᠨᠢ ᠂ ᠬᠠᠰᠠᠷ ᠤᠨ ᠦᠪ ᠬᠦᠷᠦᠩᠭᠡ ᠵᠢ ᠮᠠᠨᠤᠰ ᠵᠠᠯᠭᠠᠮᠵᠢᠯᠠᠵᠤ ᠪᠣᠯᠬᠤ ᠦᠭᠡᠢ ᠲᠠᠢ ᠠᠳᠠᠯᠢ ᠪᠡᠷ ᠮᠢᠨᠦ ᠶᠡᠬᠡ ᠬᠠᠭᠠᠨ ᠤ ᠦᠪ ᠬᠦᠷᠦᠩᠭᠡ ᠵᠢ ᠴᠦ ᠬᠠᠰᠠᠷ ᠤᠨ ᠬᠤᠢᠴᠢᠰ ᠵᠠᠯᠭᠠᠮᠵᠢᠯᠠᠵᠤ ᠪᠣᠯᠬᠤ ᠦᠭᠡᠢ ᠭᠡᠵᠦ᠂ ᠡᠨᠡ ᠬᠣᠶᠠᠷ ᠤᠨ ᠬᠤᠭᠤᠷᠤᠨᠲᠤ ᠲᠦᠯᠬᠢᠵᠦ ᠨᠡᠭᠡᠭᠡᠭᠳᠡᠰᠢ ᠦᠭᠡᠢ ᠡᠭᠦᠳᠡ ᠲᠠᠢ᠂ ᠠᠯᠬᠤᠵᠤ ᠲᠠᠪᠠᠭᠳᠠᠰᠢ ᠦᠭᠡᠢ ᠬᠠᠳᠠᠪᠴᠢ ᠲᠠᠢ ᠰᠢᠭ ᠦᠩᠭᠡᠷᠡᠵᠦ ᠡᠰᠡ ᠲᠠᠢᠯᠬᠦ ᠵᠠᠢ ᠲᠠᠢ ᠭᠡᠵᠦ ᠵᠦᠢᠷᠯᠡᠵᠡᠢ᠃ |