题名 |
《ᠮᠣᠩᠭᠤᠯ ᠤᠨ ᠨᠢᠭᠤᠴᠠ ᠲᠤᠪᠴᠢᠶᠠᠨ》᠋ ᠢ ᠡᠬᠡ ᠬᠡᠯᠡ ᠪᠡᠷ ᠨᠢ ᠵᠤᠩᠭᠢᠯᠠᠨ ᠳᠤᠪᠤᠢᠯᠭᠠᠵᠤ ᠨᠡᠭᠡᠭᠡᠴᠡᠯᠡᠨ ᠰᠤᠳᠤᠯᠬᠤᠢ ᠰᠢᠨ᠎ᠡ ᠤᠬᠠᠪᠤᠷᠢ᠂ ᠲᠡᠭᠦᠨ ᠦ ᠤᠳᠬ᠎ᠠ ᠤᠴᠢᠷ |
作者 |
ᠰᠢᠨᠡᠳᠭᠡ |
关键词 |
《ᠮᠣᠩᠭᠤᠯ ᠤᠨ ᠨᠢᠭᠤᠴᠠ ᠲᠤᠪᠴᠢᠶᠠᠨ》᠋ |
摘要 |
ᠲᠤᠰ ᠦᠭᠦᠯᠡᠯ ᠢ ᠨᠢᠭᠡ᠂ 《蒙古秘史》ᠭᠡᠳᠡᠭ ᠬᠢᠲᠠᠳᠵᠢᠨ ᠡᠬᠡ ᠪᠤᠯ ᠮᠣᠩ᠋ᠭᠤᠯ ᠤᠨ ᠨᠢᠭᠤᠴᠠ ᠲᠤᠪᠴᠢᠶᠠᠨ ᠢ ᠨᠡᠭᠡᠭᠡᠨ ᠰᠢᠨᠵᠢᠯᠡᠭᠰᠡᠨ ᠬᠠᠮᠤᠭ ᠠᠩ᠋ᠬᠠᠨ ᠤ ᠡᠭᠦᠰᠭᠡᠯ ᠰᠤᠳᠤᠯᠭᠠᠨ ᠮᠦᠨ; ᠬᠤᠶᠠᠷ᠂ ᠮᠣᠩ᠋ᠭᠤᠯ ᠤᠨ ᠨᠢᠭᠤᠴᠠ ᠲᠤᠪᠴᠢᠶᠠᠨ ᠪᠤᠯ ᠮᠣᠩ᠋ᠭᠤᠯ ᠤᠭᠰᠠᠭᠠᠲᠠᠨ ᠤ ᠬᠡᠯᠡ ᠪᠢᠴᠢᠭ᠌᠂ ᠤᠳᠬ᠎ᠠ ᠰᠤᠶᠤᠯ᠂ ᠲᠡᠦᠬᠡ ᠲᠤᠪᠴᠢᠶᠠᠨ ᠤ ᠡᠬᠢ ᠲᠤᠯᠭᠤᠷ ᠰᠤᠷᠪᠤᠯᠵᠢ ᠳᠤᠷᠠᠰᠬᠠᠯ ᠠᠤᠭ᠎ᠠ ᠵᠤᠬᠢᠶᠠᠰᠤ ᠮᠦᠨ; ᠭᠤᠷᠪᠠ᠂ ᠮᠣᠩ᠋ᠭᠤᠯ ᠤᠨ ᠨᠢᠭᠤᠴᠠ ᠲᠤᠪᠴᠢᠶᠠᠨ ᠢ ᠬᠢᠲᠠᠳᠵᠢᠨ ᠦᠭᠡᠷ᠎ᠡ ᠡᠬᠡ ᠡᠴᠡ ᠨᠢ ᠤᠤᠯ ᠮᠣᠩ᠋ᠭᠤᠯ ᠡᠬᠡ ᠪᠢᠴᠢᠭ᠌ ᠲᠤᠨᠢ ᠰᠡᠷᠭᠦᠭᠡᠨ ᠣᠷᠤᠰᠢᠭᠤᠯᠬᠤ ᠴᠠᠭ ᠤᠴᠠᠷᠠᠯ ᠨᠦᠬᠦᠴᠡᠯ ᠪᠤᠯᠤᠮᠵᠢ ᠤᠯᠠᠮ ᠢᠶᠠᠷ ᠪᠦᠷᠢᠯᠳᠦᠵᠦ ᠪᠠᠢ᠌ᠨ᠎ᠠ ᠭᠡᠬᠦ ᠭᠤᠷᠪᠠᠨ ᠲᠠᠯ᠎ᠠ ᠶᠢᠨ ᠤᠳᠬ᠎ᠠ ᠤᠴᠢᠷ ᠢᠶᠠᠷ ᠴᠢᠬᠤᠯᠠᠴᠢᠯᠠᠨ ᠰᠡᠳᠦᠪᠯᠡᠵᠦ ᠪᠢᠴᠢᠪᠡ᠃ ᠴᠢᠩᠭᠢᠬᠦ ᠳᠡᠭᠡᠨ᠂ ᠮᠣᠩ᠋ᠭᠤᠯ ᠤᠨ ᠨᠢᠭᠤᠴᠠ ᠲᠤᠪᠴᠢᠶᠠᠨ ᠢ ᠵᠠᠪᠠᠯ ᠲᠡᠭᠦᠨ ᠦ ᠦᠪᠡᠷᠮᠢᠴᠡ ᠣᠨᠴᠠᠯᠢᠭ ᠤᠷᠠᠯᠢᠭ ᠰᠠᠢ᠌ᠬᠠᠨ ᠡᠬᠡ ᠬᠡᠯᠡ ᠪᠡᠷ ᠨᠢ ᠡᠬᠢ ᠦᠨᠳᠦᠰᠦ ᠭᠤᠤᠯᠳᠠᠯᠠᠭ᠎ᠠ ᠪᠤᠯᠭ᠎ᠠ ᠰᠠᠭᠤᠷᠢᠯᠠᠵᠤ᠂ ᠦᠭᠡᠰ ᠤᠳᠬᠠᠰ ᠢᠶᠠᠷ ᠨᠢ ᠵᠤᠩᠭᠢᠯᠠᠭᠠ ᠪᠤᠯᠭᠠᠨ ᠣᠨᠴᠠᠭᠠᠢ᠌ᠯᠠᠨ ᠳᠤᠪᠤᠢ᠌ᠯᠭᠠᠵᠤ᠂ ᠡᠯᠳᠡᠪ ᠵᠦᠢᠯᠡᠰ ᠡᠯᠪᠡᠭ᠌ ᠪᠠᠶᠠᠯᠢᠭ ᠦᠢᠯᠡᠳᠭᠦᠨ ᠪᠦᠲᠦᠭᠡᠭ᠍ᠳᠡᠭᠦᠨ ᠢ ᠬᠡᠯᠡᠯᠭᠡᠨ ᠦᠭᠡᠢ᠂ ᠣᠭᠢ ᠰᠤᠳᠤᠨ ᠵᠤᠬᠢᠶᠠᠯ ᠪᠦᠲᠦᠭᠡᠯ ᠢ ᠬᠦᠷᠲᠡᠯ᠎ᠡ ᠡᠷᠳᠡᠮᠯᠡᠨ ᠭᠠᠷᠭᠠᠬᠤ ᠪᠠᠷ ᠰᠢᠢᠳᠪᠦᠷᠢᠴᠢ ᠠᠷᠭ᠎ᠠ ᠪᠤᠳᠤᠯᠭᠠᠳᠠᠶᠠ ᠨᠡᠭᠡᠭᠡᠴᠡᠯᠡᠨ ᠰᠢᠨᠡᠴᠢᠯᠡᠨ ᠰᠤᠳᠤᠯᠪᠠᠯ ᠵᠤᠬᠢᠬᠤ ᠲᠤᠬᠠᠢ ᠰᠢᠨ᠎ᠡ ᠤᠬᠠᠪᠤᠷᠢ ᠪᠠ ᠠᠷᠭ᠎ᠠ ᠰᠡᠳᠬᠢᠴᠡ ᠬᠢᠭᠡᠳ ᠰᠠᠨᠠᠯ ᠰᠦᠪᠡᠭ᠍ᠴᠢ ᠪᠡᠨ ᠳᠤᠷᠠᠳᠤᠭᠰᠠᠨ ᠪᠠᠢ᠌ᠨ᠎ᠠ᠃ |
原文 |
没有原文
|
出自 |
内蒙古大学学报
1999年
第3期
|