摘要 |
ᠲᠦᠷᠢ ᠪᠣᠯ ᠤᠳᠬ ᠠ ᠵᠣᠬᠢᠶᠠᠯ ᠤᠨ ᠤᠨᠤᠯ ᠤᠨ ᠤᠬᠠᠭᠳᠠᠬᠤᠨ ᠶᠣᠮ᠃ ᠲᠡᠷᠡ ᠨᠢ ᠵᠣᠬᠢᠶᠠᠯᠴᠢ ᠶᠢᠨ ᠨᠡᠢᠭᠡᠮ ᠤᠨ ᠠᠮᠢᠳᠤᠷᠠᠯ ᠳ᠋ᠤ ᠰᠠᠭᠤᠷᠢᠯᠠᠨ᠂ ᠬᠡᠯᠡᠨ ᠤ ᠲᠤᠰᠠᠯᠠᠮᠵᠢ ᠪᠡᠷ ᠦᠭᠡᠷᠡᠴᠢᠯᠡᠨ ᠪᠣᠯᠪᠠᠰᠤᠷᠠᠭᠤᠯᠵᠤ᠂ ᠤᠷᠠᠯᠠᠨ ᠪᠦᠲᠦᠭᠡᠵᠦ ᠭᠠᠷᠭᠠᠭᠰᠠᠨ ᠦᠵᠡᠯ ᠰᠠᠨᠠᠭ᠎ᠠ ᠰᠡᠳᠭᠯᠭᠡ ᠪᠦᠬᠦᠢ ᠬᠦᠮᠦᠰ ᠤᠨ ᠲᠦᠷᠢ ᠵᠢ ᠵᠢᠭᠠᠳᠠᠭ᠂ ᠦᠭᠡᠷ ᠡ ᠪᠡᠷ ᠬᠡᠯᠡᠪᠡᠯ ᠲᠦᠷᠢ ᠪᠣᠯ ᠤᠳᠬ ᠠ ᠵᠣᠬᠢᠶᠠᠯ ᠳ᠋ᠤ ᠵᠢᠷᠤᠭᠯᠠᠭᠳᠠᠭᠰᠠᠨ ᠪᠦᠷᠢᠨ ᠪᠦᠲᠦᠨ ᠠᠮᠢᠳᠤᠷᠠᠯ ᠤᠨᠵᠢᠷᠤᠭ ᠮᠦᠨ᠃ ᠤᠳᠬ ᠠ ᠵᠣᠬᠢᠶᠠᠯ ᠨᠢ ᠤᠷᠠᠨ ᠲᠦᠷᠢ ᠪᠦᠲᠦᠭᠡᠨ ᠠᠮᠢᠳᠤᠷᠠᠯ ᠢ ᠬᠠᠷᠠᠭᠤᠯᠳᠠᠭ ᠢᠢᠡᠷ ᠢᠢᠡᠨ ᠨᠡᠢᠭᠡᠮ ᠤᠨ ᠪᠣᠰᠤᠳ ᠲᠦᠷᠦᠯ ᠤᠨ ᠰᠢᠨᠵᠢᠯᠡᠬᠦ ᠤᠬᠠᠭᠠᠨ ᠡᠴᠡ ᠲᠤᠳᠤᠷᠬᠠᠢ ᠢᠯᠭᠠᠭᠳᠠᠳᠠᠭ᠃《ᠮᠣᠩᠭᠤᠯ ᠤᠨ ᠨᠢᠭᠤᠴᠠ ᠲᠤᠪᠴᠢᠶᠠᠨ 》 ᠪᠣᠯ ᠲᠡᠦᠭᠡᠨ ᠤᠷᠠᠨ ᠵᠣᠬᠢᠶᠠᠯ ᠭᠡᠵᠦ ᠨᠤᠲᠠᠯᠠᠭᠲᠠᠭᠰᠠᠨ ᠤ ᠨᠢᠭᠡ ᠪᠠᠷᠢᠮᠲᠠ ᠨᠢ ᠲᠠᠷᠤᠢ᠂ ᠲᠡᠭᠦᠨ ᠳ᠋ᠤ ᠠᠯᠢ ᠤᠯᠠᠨ ᠠᠮᠢᠳᠤᠯᠢᠭ ᠪᠣᠳᠠᠳᠠᠢ ᠲᠦᠷᠢ ᠪᠦᠲᠦᠭᠡᠭᠳᠡᠭᠰᠡᠨ ᠳ᠋ᠤ ᠪᠠᠢᠭ᠎ᠠ ᠶᠣᠮ᠃《ᠮᠣᠩᠭᠤᠯ ᠤᠨ ᠨᠢᠭᠤᠴᠠ ᠲᠤᠪᠴᠢᠶᠠᠨ》ᠲᠤᠳᠤᠷ ᠠ᠂ ᠤᠷᠢᠳ ᠬᠤᠵᠢᠳ ᠲᠤᠷᠪᠠᠨ ᠵᠠᠭᠤ ᠭᠠᠷᠤᠢ ᠬᠦᠮᠦᠨ ᠲᠤᠷᠠᠳᠤᠭᠲᠠᠭᠰᠠᠨ ᠪᠣᠶᠤ ᠲᠦᠷᠰᠦᠯᠡᠭᠲᠡᠭᠰᠡᠨ ᠪᠠᠢᠨ ᠠ᠃ ᠡᠭᠦᠨ ᠤ ᠲᠤᠳᠤᠷ ᠠ ᠂ ᠦᠪᠡᠷᠮᠢᠴᠡ ᠣᠨᠴᠠᠯᠢᠭ ᠢᠢᠡᠷ ᠢᠢᠡᠨ ᠢᠯᠭᠠᠷᠠᠭᠳᠠᠨ ᠡᠷᠲᠡᠮᠲᠡᠳ ᠤᠨ ᠠᠩᠬᠠᠷᠤᠯ ᠢ ᠬᠦᠴᠦᠲᠡᠢ ᠲᠠᠳᠠᠵᠦ ᠢᠷᠡᠭᠰᠡᠨ ᠨᠢᠭᠡ ᠲᠦᠷᠢ ᠪᠣᠯ ᠵᠠᠮᠤᠬ ᠠ ᠮᠦᠨ᠃ ᠵᠠᠮᠤᠬ ᠠ ᠪᠣᠯ ᠲᠡᠦᠬᠡ ᠶᠢᠨ ᠭᠦᠮᠦᠨ ᠪᠦᠭᠡᠳ ᠤᠷᠠᠯᠢᠭ ᠤᠨ ᠬᠦᠮᠦᠨ ᠶᠣᠮ᠃ ᠡᠨᠳᠡ ᠵᠠᠮᠤᠬ ᠠ ᠭᠡᠬᠦ ᠲᠡᠦᠬᠡᠳᠦ ᠬᠦᠮᠦᠨ ᠴᠣᠬᠤᠮ ᠶᠠᠮᠠᠷ ᠪᠣᠯᠬᠤ ᠵᠢ ᠦᠭᠦᠯᠡᠬᠦ ᠭᠡᠵᠦ ᠪᠠᠢᠭ᠎ᠠ ᠪᠢᠰᠢ᠂ ᠬᠠᠷᠢᠨ 《ᠮᠣᠩᠭᠤᠯ ᠤᠨ ᠨᠢᠭᠤᠴᠠ ᠲᠤᠪᠴᠢᠶᠠᠨ》ᠳ᠋ᠡᠬᠢ ᠲᠡᠦᠬᠡᠲᠦ ᠦᠢᠯᠡ ᠠᠵᠢᠯᠯᠠᠭ᠎ᠠ ᠡᠴᠡ ᠨᠢ ᠵᠠᠮᠤᠬ ᠠ ᠶᠢᠨ ᠤᠷᠠᠨ ᠲᠦᠷᠢ ᠶᠢᠨ ᠣᠨᠴᠠᠯᠢᠭ ᠢ ᠬᠤᠷᠢᠶᠠᠩᠭᠤᠢᠯᠠᠬᠤ ᠪᠡᠷ ᠪᠠᠢᠨ᠎ᠠ᠃ |