摘要 |
ᠯᠦ ᠰᠢᠶᠦ᠋ᠨ ᠪᠣᠯ ᠲᠤᠮᠳᠠᠳᠤ ᠤᠯᠤᠰ ᠤᠨ ᠣᠷᠴᠢᠨ ᠦᠶ᠎ᠡ ᠶᠢᠨ ᠤᠳᠬ ᠠ ᠵᠣᠬᠢᠶᠠᠯ ᠤᠨ ᠰᠠᠭᠤᠷᠢ ᠵᠢ ᠲᠠᠯᠪᠢᠭᠴᠢ᠂ ᠠᠬᠤᠢᠴᠢ ᠦᠵᠡᠯ ᠤᠨ ᠠᠭᠤᠤ ᠶᠡᠬᠡ ᠵᠣᠬᠢᠶᠠᠯᠴᠢ ᠪᠣᠯᠬᠤ ᠪᠦᠭᠡᠳ ᠤᠷᠠᠯᠢᠭᠴᠢ ᠮᠦᠨ᠃《ᠯᠦ ᠰᠢᠶᠦ᠋ᠨ ᠤ ᠴᠢᠭᠯᠡᠯ ᠪᠣᠯ ᠲᠠᠷᠤᠢ ᠲᠤᠮᠳᠠᠳᠤ ᠶᠢᠨ ᠦᠨᠳᠦᠰᠦᠲᠡᠨ ᠤ ᠰᠢᠨ ᠡ ᠰᠣᠶᠣᠯ ᠤᠨ ᠴᠢᠭᠯᠡᠯ ᠮᠦᠨ》ᠭᠡᠵᠦ ᠮᠠᠦ ᠽᠸ ᠳ᠋ᠦᠩ ᠦᠨᠡᠯᠡᠭᠰᠡᠨ ᠶᠣᠮ᠃ ᠤᠯᠠᠨ ᠤ ᠮᠡᠳᠡᠭᠡᠵᠢ ᠪᠡᠷ ᠲᠡᠭᠦᠨ ᠤ ᠤᠯᠤᠭᠰᠠᠨ ᠠᠮᠵᠢᠯᠲᠠ ᠪᠦᠲᠦᠭᠡᠯ᠂ ᠦᠵᠡᠭᠦᠯᠦᠭᠰᠡᠨ ᠭᠠᠪᠢᠶ ᠠ ᠵᠢᠳᠭᠦᠯ ᠨᠢ ᠤᠯᠠᠨ ᠲᠠᠯ ᠠ ᠪᠡᠷ ᠲᠤᠪᠤᠢᠮ ᠠ ᠪᠠᠢᠳᠠᠭ᠃ ᠡᠨᠳᠡ ᠵᠦᠪᠬᠡᠨ ᠲᠡᠭᠦᠨ ᠤ ᠦᠭᠦᠯᠯᠡᠭᠡ ᠶᠢᠨ ᠲᠡᠭᠦᠪᠦᠷᠢ 《ᠬᠠᠰᠭᠢᠷᠤᠯ》 ᠪᠠ 《ᠡᠷᠡᠭᠡᠯᠵᠡᠯ》 ᠤᠨ ᠲᠤᠳᠤᠷ ᠠ ᠪᠦᠲᠦᠭᠡᠭᠳᠡᠭᠰᠡᠨ ᠡᠮᠡᠭᠳᠡᠢᠴᠦᠳ ᠤᠨ ᠲᠦᠷᠢ ᠶᠢᠨ ᠲᠣᠬᠠᠢ ᠶᠠᠷᠢᠬᠤ ᠪᠡᠷ ᠪᠤᠢ᠃ |