论文信息


题名 ᠲᠡᠷᠭᠡᠲᠦ ᠨᠠᠷ ᠤᠨ ᠮᠠᠨᠳᠤᠯ ᠪᠠᠭᠤᠷᠠᠯ
作者 ᠪᠣ‍·ᠡᠷᠳᠡᠮᠲᠦ ᠬᠢᠴᠢᠶᠡᠯᠲᠦ
关键词 ᠲᠡᠭᠡᠲᠦ; ᠲᠦᠷᠺ; ᠲᠢᠶᠸᠯᠸ; ᠴᠸᠯᠸ; ᠭᠣᠣ ᠴᠸ; ᠳ᠋ᠢᠩ ᠯᠢᠩ; ᠮᠣᠩᠭ᠋ᠤᠯ ᠤᠨ ᠡᠪᠦᠭᠡ ᠳᠡᠭᠡᠳᠦᠰ
摘要 ᠲᠡᠷᠭᠡᠲᠦ ᠪᠣᠯ ᠮᠣᠩᠭ᠋ᠤᠯ ᠤᠨ ᠲᠡᠦᠬᠡᠨ ᠳᠡᠭᠡᠷᠡᠬᠢ ᠢᠵᠠᠭᠤᠷ ᠮᠣᠩᠭ᠋ᠤᠯ ᠤᠨ ᠬᠡᠰᠡᠭ ᠦᠶ ᠡ ᠵᠢᠨ ᠨᠡᠷᠡᠶᠢᠳᠦᠯ ᠪᠣᠯᠤᠨ᠌ ᠠ᠃ ᠭᠡᠬᠦ ᠳᠡᠭᠡᠨ ᠲᠡᠳᠡᠨ ᠤ ᠦᠢᠯᠡᠳᠪᠦᠷᠢᠯᠡᠯ ᠤᠨ ᠪᠠᠭᠠᠵᠢ ᠬᠡᠷᠡᠭᠰᠡᠯ ᠤᠨ ᠨᠢᠭᠡ ᠪᠣᠯᠬᠤ ᠲᠡᠷᠭᠡ ᠪᠡᠷ ᠨᠢ ᠲᠠᠳᠡᠨᠤᠰ ᠢ ᠵᠢᠭᠠᠨ ᠨᠡᠷᠡᠯᠡᠭᠰᠡᠨ ᠨᠡᠷ ᠡ ᠪᠣᠯᠬᠤ ᠶᠤᠮ᠃ ᠲᠡᠷᠭᠡᠲᠦ ᠭᠡᠰᠡᠨ ᠦᠭᠡ ᠵᠢ ᠠᠪᠢᠶᠠᠯᠠᠬᠤ ᠳᠤ ᠦᠭᠡ ᠵᠢᠨ ᠡᠴᠦᠰ ᠤᠨ《ᠳ᠋ᠦ》 ᠨᠢ ᠲᠣᠳᠤ ᠪᠢᠰᠢ ᠪᠠᠶᠢᠳᠠᠭ ᠪᠣᠯᠬᠤᠷ ᠬᠢᠲᠠᠳ ᠪᠢᠴᠢᠭ᠍ᠳᠡᠳ ᠲᠡᠷᠡ ᠬᠡᠪ ᠵᠢᠡᠷ ᠨᠢ ᠠᠪᠢᠶᠠᠯᠠᠨ ᠪᠢᠴᠢᠵᠦ ᠴᠢᠳᠠᠭᠰᠠᠨ ᠦᠭᠡᠢ ᠡᠴᠡ ᠪᠣᠯᠵᠤ᠂ ᠡᠯᠳᠡᠪ ᠣᠯᠠᠨ ᠵᠦᠢᠯ ᠤᠨ ᠪᠢᠴᠢᠯᠭᠡ ᠵᠢᠨ ᠬᠡᠯᠪᠡᠷᠢ ᠢᠯᠡᠷᠡᠵᠦ᠂ ᠬᠣᠵᠢᠮ ᠤᠨ ᠲᠡᠦᠬᠡ ᠰᠣᠳᠤᠯᠭᠠᠨ ᠳᠤ ᠠᠯᠢ ᠣᠯᠠᠨ ᠶᠠᠷᠰᠢᠭ ᠲᠦᠪᠡᠭ᠌ ᠤᠴᠠᠷᠠᠭᠤᠯᠤᠭᠰᠠᠨ ᠶᠤᠮ᠃ ᠲᠦᠷᠺ ᠭᠡᠳᠡᠭ ᠨᠢ《ᠲᠡᠷᠭᠡᠲᠦ》ᠭᠡᠬᠦ ᠦᠭᠡᠨ ᠤ《ᠲᠡᠷᠭᠡ》 ᠪᠡᠷ ᠨᠢ ᠠᠪᠢᠶᠠᠯᠠᠭᠰᠠᠨ ᠪᠠᠶᠢᠬ᠋ ᠠ᠃ ᠪᠣᠰᠤᠳ ᠲᠢᠶᠸᠯᠸ᠂ ᠴᠸᠯᠸ᠂ ᠱᠦ᠋ᠯᠸ᠂ ᠳ᠋ᠢᠩ ᠯᠢᠩ ᠨᠢ《ᠲᠡ‍》 ᠪᠣᠯᠤᠨ 《ᠷᠠ‍》 ᠵᠢ ᠨᠢ ᠠᠪᠴᠦ ᠠᠪᠢᠶᠠᠯᠠᠭᠰᠠᠨ ᠤ ᠦᠷ ᠡ ᠳ᠋ᠦᠩ ᠪᠣᠯᠬᠤ ᠶᠤᠮ᠃ ᠡᠶᠢᠮᠦ ᠠᠪᠢᠶᠠᠨ ᠤ ᠣᠷᠴᠢᠭᠤᠯᠭ᠋ ᠠ ᠨᠢ ᠬᠢᠲᠠᠳ ᠬᠡᠯᠡ ᠪᠡᠷ ᠪᠣᠰᠤᠳ ᠬᠡᠯᠡ ᠨᠤᠭᠦᠳ ᠢ ᠣᠷᠴᠢᠭᠤᠯᠬᠤ ᠳᠤ ᠶᠡᠷᠦᠳᠡ ᠲᠣᠬᠢᠶᠠᠯᠳᠤᠳᠠᠭ ᠪᠢᠯᠡ᠃ ᠲᠡᠷᠭᠡᠲᠦ ᠨᠠᠷ ᠨᠢ ᠬᠢᠲᠠᠳ ᠤᠨ ᠲᠡᠦᠬᠡᠨ ᠳᠤ ᠵᠢᠩᠭᠢᠨᠢ ᠲᠡᠮᠳᠡᠭᠯᠡᠭᠳᠡᠭᠰᠡᠨ ᠨᠢ ᠡᠮᠦᠨᠡᠲᠦ ᠤᠮᠠᠷᠠᠲᠤ ᠲᠦᠷᠦ ᠵᠢᠨ ᠰᠡᠭᠦᠯᠴᠢ ᠦᠶ ᠡ ᠪᠠᠶᠢᠪᠠ᠃ ᠲᠡᠳᠡᠨ ᠤ ᠬᠦᠴᠦᠷᠬᠡᠭ᠍ᠵᠢᠨ ᠮᠠᠨᠳᠤᠭᠰᠠᠨ ᠨᠢ ᠰᠦᠷ ᠳᠠᠩ ᠤᠨ ᠡᠷᠢᠨ ᠶᠤᠮ᠃
原文 查看原文
出自 内蒙古民族大学学报(社会科学) 2006年 第3期

联系我们


内蒙古大学图书馆
呼和浩特市大学西路235号
中国·内蒙古
P: (0471) 4992561
E: huangfeilong@imu.edu.cn