题名 |
ᠤᠷᠭᠠᠨᠢᠭ ᠨᠢᠭᠡᠳᠪᠦᠷᠢ ᠶᠢᠨ ᠬᠦᠷᠢᠨ ᠦ ᠭᠠᠳᠠᠨᠠᠬᠢ ᠭᠡᠷᠡᠯ ᠰᠢᠩᠭᠡᠭᠡᠴᠡ ᠶᠢᠨ ᠣᠷᠭᠢᠯ ᠤᠨ ᠪᠠᠢᠷᠢ ᠳᠤ ᠦᠵᠡᠭᠦᠯᠬᠦ ᠠᠭᠤᠰᠬᠠᠭᠴᠢ ᠶᠢᠨ ᠲᠤᠢᠯᠰᠢᠷᠠᠩᠭᠤᠢ ᠴᠢᠨᠠᠷ ᠪᠠ pH ᠬᠡᠮᠵᠢᠭᠳᠡᠯ ᠦᠨ ᠨᠦᠯᠦᠭᠡ ᠶᠢᠨ ᠲᠤᠬᠠᠢ ᠲᠤᠷᠰᠢᠯᠲᠠ ᠶᠢᠨ ᠰᠤᠳᠤᠯᠭ᠎ᠠ |
作者 |
ᠨᠠᠷᠠᠨᠴᠤᠭᠲᠤ; ᠳ᠋ᠠᠢ ᠨᠠᠶᠠᠨᠲᠠᠢ; ᠸᠠᠩ ᠴᠢᠩ ᠬᠤ |
关键词 |
ᠤᠷᠭᠠᠨᠢᠭ ᠨᠢᠭᠡᠳᠪᠦᠷᠢ; ᠬᠦᠷᠢᠨ ᠦ ᠭᠠᠳᠠᠨᠠᠬᠢ ᠭᠡᠷᠡᠯ ᠵᠢᠭᠰᠠᠯ; ᠲᠤᠷᠰᠢᠯᠲᠠ ᠶᠢᠨ ᠠᠷᠭ᠎ᠠ |
摘要 |
ᠤᠷᠭᠠᠨᠢᠭ ᠨᠢᠭᠡᠳᠪᠦᠷᠢ ᠶᠢᠨ ᠬᠦᠷᠢᠨ ᠦ ᠭᠠᠳᠠᠨᠠᠬᠢ ᠭᠡᠷᠡᠯ ᠰᠢᠩᠭᠡᠭᠡᠴᠡ ᠶᠢᠨ ᠣᠷᠭᠢᠯ ᠤᠨ ᠪᠠᠢᠷᠢ ᠳᠤ ᠦᠵᠡᠭᠦᠯᠬᠦ ᠠᠭᠤᠰᠬᠠᠭᠴᠢ ᠶᠢᠨ ᠲᠤᠢᠯᠰᠢᠷᠠᠩᠭᠤᠢ ᠴᠢᠨᠠᠷ ᠪᠠ pH ᠬᠡᠮᠵᠢᠭᠳᠡᠯ ᠦᠨ ᠨᠦᠯᠦᠭᠡ ᠶᠢᠨ ᠲᠤᠬᠠᠢ ᠲᠤᠷᠰᠢᠯᠲᠠ ᠶᠢᠨ ᠠᠷᠭ᠎ᠠ ᠶᠢ ᠪᠠᠢᠭᠤᠯᠵᠤ᠂ ᠤᠷᠭᠠᠨᠢᠭ ᠨᠢᠭᠡᠳᠪᠦᠷᠢ ᠶᠢᠨ ᠭᠡᠷᠡᠯ ᠵᠢᠭᠰᠠᠯ ᠤᠨ ᠤᠬᠠᠭᠠᠨ ᠤ ᠲᠤᠷᠰᠢᠯᠲᠠ ᠶᠢᠨ ᠠᠭᠤᠯᠭ᠎ᠠ ᠶᠢ ᠲᠦᠰᠦᠪᠯᠡᠨ᠎ᠡ᠃ ᠠᠷᠭ᠎ᠠ᠄ ᠬᠦᠷᠢᠨ ᠦ ᠭᠠᠳᠠᠨᠠᠬᠢ ᠭᠡᠷᠡᠯ ᠵᠢᠭᠰᠠᠯ ᠤᠨ ᠠᠷᠭ᠎ᠠ ᠪᠠᠷ ᠠᠳᠠᠯᠢ ᠪᠤᠰᠤ ᠲᠤᠢᠯᠰᠢᠷᠠᠩᠭᠤᠢ ᠴᠢᠨᠠᠷ ᠲᠠᠢ ᠠᠭᠤᠰᠤᠮᠠᠯ ᠪᠤᠯᠬᠤ ᠠᠼᠧᠲ᠋ᠤᠨ ᠪᠠ ᠸᠢᠲ᠋ᠠᠮᠢᠨ A ᠶᠢᠨ ᠬᠦᠷᠢᠨ ᠦ ᠭᠠᠳᠠᠨᠠᠬᠢ ᠭᠡᠷᠡᠯ ᠰᠢᠩᠭᠡᠭᠡᠴᠡ ᠶᠢ ᠬᠡᠮᠵᠢᠬᠦ ᠶᠢᠨ ᠬᠠᠮᠲᠤ᠂ ᠠᠳᠠᠯᠢ ᠪᠤᠰᠤ ᠬᠦᠴᠢᠯ ᠱᠦᠯᠲᠦ (pH) ᠶᠢᠨ ᠬᠡᠮᠵᠢᠶ᠎ᠡ ᠪᠦᠬᠦᠢ ᠠᠭᠤᠰᠤᠮᠠᠯ ᠳᠤ ᠬᠢ ᠹᠧᠨᠤᠯ ᠪᠤᠯᠤᠨ ᠪᠧᠡᠽᠤᠨ᠋ᠲᠤ ᠠᠮᠢᠨ ᠤ ᠬᠦᠷᠢᠨ ᠦ ᠭᠠᠳᠠᠨᠠᠬᠢ ᠭᠡᠷᠡᠯ ᠰᠢᠩᠭᠡᠭᠡᠴᠡ ᠶᠢᠨ ᠣᠨᠴᠠᠯᠢᠭ ᠢ ᠨᠢ ᠬᠡᠮᠵᠢᠪᠡ᠃ ᠦᠷ᠎ᠡ ᠳ᠋ᠦᠩ᠄ ᠬᠦᠷᠢᠨ ᠦ ᠭᠠᠳᠠᠨᠠᠬᠢ ᠭᠡᠷᠡᠯ ᠰᠢᠨᠭᠡᠭᠡᠴᠡ ᠶᠢᠨ ᠣᠷᠭᠢᠯ ᠤᠨ ᠪᠠᠢᠷᠢ ᠶᠢ ᠨᠦᠯᠦᠭᠡᠯᠡᠬᠦ ᠲᠠᠯ᠎ᠠ ᠪᠠᠷ᠂ ᠠᠼᠧᠲ᠋ᠤᠨ ᠨᠢ ᠣᠬᠤᠷ ᠳᠤᠯᠭᠢᠶᠠᠨ ᠲᠡᠢᠰᠢ ᠰᠢᠯᠵᠢᠵᠦ᠂ ᠸᠢᠲ᠋ᠠᠮᠢᠨ A ᠨᠢ ᠤᠷᠲᠤ ᠳᠤᠯᠭᠢᠶᠠᠨ ᠲᠡᠢᠰᠢ ᠰᠢᠯᠵᠢᠵᠦ᠂ ᠱᠦᠯᠲᠦᠯᠢᠭ ᠠᠭᠤᠰᠤᠮᠠᠯ ᠳᠤ ᠬᠢ ᠹᠧᠨᠤᠯ ᠨᠢ ᠤᠷᠲᠤ ᠳᠤᠯᠭᠢᠶᠠᠨ ᠲᠡᠢᠰᠢ ᠰᠢᠯᠵᠢᠨ᠂ ᠬᠦᠴᠢᠯᠯᠢᠭ ᠠᠭᠤᠰᠤᠮᠠᠯ ᠳᠤ ᠬᠢ ᠪᠧᠡᠽᠧᠨ᠋ᠲᠤ ᠠᠮᠢᠨ ᠨᠢ ᠣᠬᠤᠷ ᠳᠤᠯᠭᠢᠶᠠᠨ ᠵᠦᠭ ᠰᠢᠯᠵᠢᠨ᠎ᠡ᠃ ᠳ᠋ᠦᠩᠨᠡᠯᠲᠡ᠄ ᠲᠰ ᠲᠤᠷᠰᠢᠯᠲᠠ ᠳᠤ ᠲᠤᠭᠲᠠᠭᠠᠭᠰᠠᠨ ᠲᠤᠷᠰᠢᠯᠲᠠ ᠶᠢᠨ ᠠᠷᠭ᠎ᠠ ᠶᠢ ᠤᠷᠭᠠᠨᠢᠭ ᠨᠢᠭᠡᠳᠪᠦᠷᠢ ᠶᠢᠨ ᠭᠡᠷᠡᠯ ᠵᠢᠭᠰᠠᠯ ᠤᠨ ᠤᠬᠠᠭᠠᠨ ᠤ ᠲᠤᠷᠰᠢᠯᠲᠠ ᠶᠢᠨ ᠵᠢᠭᠠᠨ ᠰᠤᠷᠭᠠᠯᠲᠠ ᠳᠤ ᠬᠡᠷᠡᠭᠯᠡᠵᠦ ᠪᠤᠯᠤᠨ᠎ᠠ᠃ |
原文 |
没有原文
|
出自 |
内蒙古民族大学学报(蒙医药学)
2015年
第2期
|