论文信息


题名 ᠬᠦᠰᠡᠬᠦᠢᠴᠢ ᠦᠵᠡᠯ ᠦᠨ ᠲᠤᠮᠢᠶᠠᠯᠠᠯ ᠤᠨ ᠲᠤᠬᠠᠢ
作者 ᠰ‍ · ᠤᠳᠬᠤᠨᠪᠠᠶᠠᠷ
关键词
摘要 19᠋ ᠳᠦᠭᠡᠷ ᠵᠠᠭ᠋ᠤᠨ ᠤ ᠡᠬᠢ ᠪᠡᠷ ᠡᠸᠦ᠋ᠷᠦᠫᠡ ᠶᠢᠨ ᠤᠳᠬ᠎ᠠ ᠵᠤᠬᠢᠶᠠᠯ ᠤᠨ ᠲᠠᠪᠴᠠᠩ ᠳᠤ ᠬᠦᠰᠡᠬᠦᠢᠴᠢ ᠦᠵᠡᠯ ᠦᠨ ᠤᠷᠤᠰᠬᠠᠯ ᠪᠦᠯᠦᠭ ᠢᠯᠡᠷᠡᠵᠦ ᠨᠢᠭᠡ ᠦᠶ᠎ᠡ ᠶᠢᠨ ᠵᠤᠬᠢᠶᠠᠯᠴᠢᠳ ᠢ ᠭᠦᠨ ᠨᠦᠯᠦᠭᠡᠯᠡᠯᠪᠡ᠃ ᠭᠡᠪᠡᠴᠦ᠂ ᠲᠡᠳᠡ ᠬᠦᠰᠡᠬᠦᠢᠴᠢ ᠦᠵᠡᠯ ᠦᠨ ᠨᠡᠷᠡᠢᠳᠦᠯ᠂ ᠲᠤᠮᠢᠶᠠᠯᠠᠯ ᠪᠠ ᠤᠬᠠᠭᠳᠠᠬᠤᠨ ᠤ ᠲᠤᠬᠠᠢ ᠲᠠᠰᠤᠷᠠᠯᠲᠠ ᠦᠭᠡᠢ ᠰᠦᠪᠡᠭᠴᠢᠯᠡᠯ ᠬᠢᠭᠰᠡᠨ ᠪᠤᠯᠪᠠᠴᠤ ᠬᠠᠷᠠᠬᠠᠨ ᠲᠤᠳᠤᠷᠬᠠᠢ ᠲᠠᠨ᠋ᠢᠯᠲᠠ ᠶᠢ ᠪᠦᠷᠢᠯᠳᠦᠭᠦᠯᠵᠦ ᠳᠡᠢᠯᠦᠭᠡ ᠦᠭᠡᠢ ᠪᠠᠢᠭᠰᠠᠭ᠋ᠠᠷ ᠡ᠃ ᠲᠤᠰ ᠦᠭᠦᠯᠡᠯ 《ᠷᠤᠮᠠᠨᠲ᠋ᠢᠭ》 ᠭᠡᠬᠦ ᠦᠭᠡ ᠶᠢᠨ ᠢᠷᠡᠯᠲᠡ᠂ 《ᠬᠦᠰᠡᠬᠦᠢᠴᠢ ᠦᠵᠡᠯ》 ᠦᠨ ᠨᠡᠷ᠎ᠡ ᠲᠤᠮᠢᠶ ᠠ ᠶᠢᠨ ᠡᠭᠦᠰᠦᠯ᠂ ᠬᠦᠭᠵᠢᠯᠲᠡ ᠶᠢᠨ ᠤᠯᠠ ᠮᠦᠷ᠂ ᠣᠨᠴᠠᠯᠢᠭ ᠰᠢᠨᠵᠢ ᠡᠴᠡ ᠭᠠᠷᠲᠠᠵᠤ᠂ ᠬᠦᠰᠡᠬᠦᠢᠴᠢ ᠦᠵᠡᠯ ᠦᠨ ᠲᠤᠮᠢᠶᠠᠯᠠᠯ ᠤᠨ ᠠᠰᠠᠭ᠋ᠤᠳᠠᠯ ᠢ ᠲᠤᠳᠤᠷᠬᠠᠢᠯᠠᠬᠤ ᠪᠠᠷ ᠰᠠᠨ᠋ᠠᠭ᠋ᠠᠰᠢᠷᠠᠪᠠ᠃ ᠬᠠᠢᠷ᠎ᠠ ᠰᠡᠳᠬᠢᠯᠭᠡ ᠶᠢᠨ ᠪᠡᠶᠡᠴᠢ ᠤᠶᠠᠩᠭ᠋ᠠᠯᠠᠯ᠂ ᠤᠳᠬ᠎ᠠ ᠰᠠᠨ᠋ᠠᠭ᠋ᠠᠨ ᠤ ᠴᠢᠯᠦᠭᠡᠲᠦ ᠢᠯᠡᠷᠡᠭᠦᠯᠦᠯ᠂ ᠡᠬᠡ ᠪᠠᠢᠭ᠋ᠠᠯᠢ ᠶᠢᠨ ᠴᠡᠪᠡᠷ ᠰᠢᠲᠦᠯᠭᠡ ᠪᠤᠯ ᠬᠦᠰᠡᠬᠦᠢᠴᠢ ᠦᠵᠡᠯ ᠦᠨ ᠳᠤᠲᠠᠭᠲᠠᠵᠤ ᠪᠤᠯᠤᠰᠢ ᠦᠭᠡᠢ ᠡᠯᠧᠮᠧᠨ᠋ᠲ ᠮᠦᠨ᠃ ᠬᠦᠰᠡᠬᠦᠢᠴᠢ ᠦᠵᠡᠯ ᠦᠨ ᠡᠳᠡᠭᠡᠷ ᠦᠨᠳᠦᠰᠦᠨ ᠡᠯᠧᠮᠧᠨ᠋ᠲ ᠮᠠᠨ ᠳᠤ ᠬᠦᠰᠡᠬᠦᠢᠴᠢ ᠦᠵᠡᠯ ᠦᠨ ᠲᠤᠮᠢᠶᠠᠯᠠᠯ ᠤᠨ ᠠᠰᠠᠭ᠋ᠤᠳᠠᠯ ᠢ ᠰᠢᠢᠳᠪᠦᠷᠢᠯᠡᠬᠦ ᠳᠦ ᠲᠤᠩ ᠶᠡᠬᠡ ᠪᠤᠯᠤᠯᠴᠠᠭ᠎ᠠ ᠶᠢ ᠪᠦᠷᠢᠯᠳᠦᠭᠦᠯᠵᠦ ᠦᠭᠭᠦᠭᠰᠡᠨ ᠪᠠᠢᠨ᠎ᠠ᠃
原文 没有原文
出自 内蒙古民族大学学报(社会科学) 1996年 第1期

联系我们


内蒙古大学图书馆
呼和浩特市大学西路235号
中国·内蒙古
P: (0471) 4992561
E: huangfeilong@imu.edu.cn