论文信息


题名 ᠮᠣᠩᠭᠤᠯ ᠮᠣᠩᠭᠤᠯ ᠢᠶᠠᠷ ᠢᠶᠠᠨ ᠦᠯᠡᠳᠡᠬᠦ ᠳᠦ ᠬᠡᠯᠡᠨ ᠦ ᠲᠠᠷᠬᠠᠯᠠᠭ᠎ᠠ ᠴᠢᠬᠤᠯᠠ
作者 ᠮ‍ · ᠰᠠᠷᠠᠭᠤᠯ ᠎— ᠡᠷᠳᠡᠨᠢ
关键词 ᠬᠡᠯᠡ ᠪᠢᠴᠢᠭ; ᠬᠠᠢᠯᠤᠭᠰᠠᠨ ᠲᠡᠦᠬᠡ; ᠵᠢᠱᠢᠶ᠎ᠡ ᠲᠠᠷᠬᠠᠯᠠᠭ᠎ᠠ; ᠦᠵᠡᠯ ᠤᠬᠠᠮᠰᠠᠷ; ᠰᠠᠷᠠᠭᠤᠯ ᠢᠷᠡᠭᠡᠳᠦᠢ
摘要 ᠲᠤᠰ ᠶᠠᠷᠢᠶ᠎ᠠ ᠦᠭᠦᠯᠡᠮᠵᠢ ᠳᠦ᠂ ᠭᠠᠳᠠᠭᠠᠳᠤ ᠬᠡᠯᠡ ᠰᠤᠷᠬᠤ ᠶᠢᠨ ᠠᠴᠢ ᠲᠤᠰᠠ᠂ ᠠᠩᠬᠠᠷᠬᠤ ᠵᠤᠢᠯ ᠢ ᠶᠠᠷᠢᠬᠤ ᠳᠠᠭᠠᠨ ᠬᠡᠯᠡ ᠵᠦᠢ᠂ ᠦᠭᠡ ᠵᠦᠢ ᠶᠢᠨ ᠤᠬᠠᠭᠠᠨ ᠢ ᠵᠢᠷᠤᠮᠯᠠᠬᠤ ᠲᠤᠬᠠᠢ᠂ ᠵᠢᠴᠢ ᠡᠬᠡ ᠬᠡᠯᠡ ᠮᠣᠩᠭᠤᠯ ᠪᠢᠴᠢᠭ ᠨᠢ ᠤᠯᠤᠰ ᠦᠨᠳᠦᠰᠦᠲᠡᠨ ᠦ ᠡᠭᠦᠰᠦᠯ ᠭᠠᠷᠤᠯ᠂ ᠲᠦᠷᠦ ᠲᠦᠮᠡᠨ ᠦ ᠣᠷᠤᠰᠢᠨ ᠲᠤᠭᠲᠠᠨᠢᠵᠤ᠂ ᠬᠦᠭᠵᠢᠨ ᠮᠠᠨᠳᠤᠬᠤ ᠶᠢᠨ ᠰᠠᠭᠤᠷᠢ ᠪᠤᠯᠬᠤ ᠴᠢᠬᠤᠯᠠ ᠴᠢᠨᠠᠷ ᠢ ᠲᠤᠭᠠᠴᠢᠬᠤ ᠪᠠᠷ ᠳᠠᠮᠵᠢᠨ᠂ ᠮᠣᠩᠭᠤᠯ ᠦᠨᠳᠦᠰᠦᠲᠡᠨ ᠦ ᠲᠡᠦᠬᠡ ᠰᠤᠶᠤᠯ ᠤᠨ ᠣᠯᠵᠤ ᠠᠯᠳᠠᠭᠰᠠᠨ ᠲᠤᠷᠰᠢᠯᠭ᠎ᠠ ᠰᠤᠷᠭᠠᠮᠵᠢ ᠠᠴᠠ ᠣᠷᠤᠰ ᠬᠢᠲᠠᠳ ᠤᠨ ᠰᠤᠶᠤᠯ ᠳᠤ ᠮᠣᠩᠭᠤᠯ᠂ ᠮᠠᠨᠵᠤ ᠵᠡᠷᠭᠡ ᠵᠢᠵᠢᠭ ᠬᠡᠯᠡ ᠨᠦᠬᠦᠳ ᠢ ᠬᠡᠷᠬᠢᠨ ᠲᠠᠶᠠᠭᠠᠰᠢᠭᠤᠯᠵᠤ ᠠᠭᠤᠰᠬᠠᠨ ᠬᠠᠢᠯᠠᠭᠤᠯᠵᠤ ᠪᠠᠢᠭ᠎ᠠ ᠲᠡᠦᠬᠡᠨ ᠪᠠᠢᠳᠠᠯ ᠢ ᠪᠤᠳᠠᠲᠠᠢ ᠳᠡᠯᠭᠡᠨ ᠦᠵᠡᠭᠦᠯᠪᠡ᠃ ᠮᠣᠩᠭᠤᠯ ᠢᠶᠠᠨ ᠮᠣᠩᠭᠤᠯ ᠢᠶᠠᠷ ᠨᠢ ᠦᠯᠡᠳᠡᠭᠡᠶ᠎ᠡ ᠭᠡᠪᠡᠯ ᠮᠣᠩᠭᠤᠯ ᠬᠡᠯᠡ᠂ ᠮᠣᠩᠭᠤᠯ ᠪᠢᠴᠢᠭ ᠢᠶᠡᠨ ᠬᠠᠮᠠᠭᠠᠯᠠᠨ ᠬᠦᠭᠵᠢᠭᠦᠯᠬᠦ ᠲᠠᠷᠬᠠᠯᠠᠭ᠎ᠠ ᠪᠠᠨ ᠰᠠᠢᠵᠢᠷᠠᠭᠤᠯᠬᠤ ᠵᠦᠪ ᠦᠵᠡᠯ ᠪᠠᠷᠢᠮᠲᠠᠯᠠᠯ ᠢ ᠴᠢᠩᠭᠠᠳᠠᠨ ᠪᠠᠷᠢᠮᠲᠠᠯᠠᠨ᠂ ᠤᠬᠠᠭᠠᠨ ᠤ ᠲᠠᠮᠢᠷ᠂ ᠤᠶᠤᠨ ᠤ ᠲᠡᠩᠬᠡᠭᠡ ᠪᠡᠷ ᠢᠶᠡᠨ ᠤᠭᠰᠠᠭ᠎ᠠ ᠦᠨᠳᠦᠰᠦᠲᠡᠨ ᠢᠶᠡᠨ ᠭᠡᠷᠡᠯ ᠭᠡᠭᠡ ᠲᠡᠢ ᠲᠦᠪᠰᠢᠨ ᠰᠠᠢᠬᠠᠨ ᠠᠪᠴᠤ ᠶᠠᠪᠤᠬᠤ ᠬᠦᠨᠳᠦ ᠡᠭᠦᠷᠭᠡ ᠬᠠᠷᠢᠭᠤᠴᠠᠯᠭ᠎ᠠ ᠦᠷ᠎ᠡ ᠬᠤᠢᠴᠢᠰ ᠮᠠᠨᠤᠰ ᠤᠨ ᠳᠡᠭᠡᠷ᠎ᠡ ᠪᠠᠢᠨ᠎ᠠ ᠭᠡᠰᠡᠨ ᠤᠴᠢᠷ ᠤᠳᠬ᠎ᠠ᠂ ᠬᠦᠰᠡᠯ ᠵᠤᠷᠢᠯᠲᠠ ᠪᠠᠨ ᠦᠭᠦᠯᠡᠪᠡ᠃
原文 没有原文
出自 内蒙古民族大学学报(社会科学) 2015年 第3期

联系我们


内蒙古大学图书馆
呼和浩特市大学西路235号
中国·内蒙古
P: (0471) 4992561
E: huangfeilong@imu.edu.cn