Paper Information


Title ᠮᠡᠰᠡ ᠵᠠᠰᠠᠯ ᠤᠨ ᠠᠷᠭ᠎ᠠ ᠪᠠᠷ ᠲᠤᠮᠤ ᠬᠤᠯᠤᠭᠠᠨ᠎ᠠ ᠶᠢᠨ ᠪᠡᠶ ᠡ ᠳᠦ 《ᠳᠠᠬᠢᠬᠤ ᠴᠢᠨᠠᠷ ᠲᠠᠢ ᠬᠡᠦᠬᠡᠨ ᠬᠡᠪᠳᠡᠰᠢ ᠶᠢᠨ ᠳᠤᠲᠤᠷ ᠪᠦᠷᠬᠦᠪᠴᠢ ᠰᠢᠯᠵᠢᠭᠰᠡᠨ ᠭᠡᠮ》 ᠦᠨ ᠵᠠᠭᠪᠤᠷ ᠵᠤᠬᠢᠶᠠᠭᠰᠠᠨ ᠰᠤᠳᠤᠯᠭ᠎ᠠ
Creator ᠪᠠᠢ ᠮᠧᠢ ᠿᠦᠩ; ᠤᠷᠢᠬᠠᠨ; ᠰᠠᠴᠤᠷᠠᠯ; ᠭᠧᠨ ᠢᠦᠢ; ᠰᠢᠨ ᠶᠢᠩ; ᠯᠢᠦ ᠰᠢᠨ
Keyword ᠮᠡᠰᠡ ᠵᠠᠰᠠᠯ; ᠬᠡᠦᠬᠡᠨ ᠬᠡᠪᠳᠡᠰᠢ ᠶᠢᠨ ᠳᠤᠲᠤᠷ ᠪᠦᠷᠬᠦᠪᠴᠢ ᠰᠢᠯᠵᠢᠭᠰᠡᠨ ᠭᠡᠮ; ᠳᠠᠬᠢᠬᠤ ᠴᠢᠨᠠᠷ; ᠲᠤᠮᠤ ᠬᠤᠯᠤᠭᠠᠨ᠎ᠠ
Abstract ᠮᠡᠰᠡ ᠵᠠᠰᠠᠯ ᠤᠨ ᠠᠷᠭ᠎ᠠ ᠪᠠᠷ ᠲᠤᠮᠤ ᠬᠤᠯᠤᠭᠠᠨ᠎ᠠ ᠶᠢᠨ ᠪᠡᠶ᠎ᠡ ᠳᠦ 《ᠳᠠᠬᠢᠬᠤ ᠴᠢᠨᠠᠷ ᠲᠠᠢ ᠬᠡᠦᠬᠡᠨ ᠬᠡᠪᠳᠡᠰᠢ ᠶᠢᠨ ᠳᠤᠲᠤᠷ ᠪᠦᠷᠬᠦᠪᠴᠢ ᠰᠢᠯᠵᠢᠭᠰᠡᠨ ᠭᠡᠮ》 ᠦᠨ ᠵᠠᠭᠪᠤᠷ ᠢ ᠵᠤᠬᠢᠶᠠᠨ᠎ᠠ᠃ ᠠᠷᠭ᠎ᠠ᠄ ᠮᠡᠰᠡ ᠵᠠᠰᠠᠯ ᠤᠨ ᠠᠷᠭ᠎ᠠ ᠪᠠᠷ ᠲᠤᠮᠤ ᠬᠤᠯᠤᠭᠠᠨ᠎ᠠ ᠶᠢᠨ ᠪᠡᠶ᠎ᠡ ᠳᠦ ᠠᠩᠬᠠᠳᠠᠭᠴᠢ ᠴᠢᠨᠠᠷ ᠲᠠᠢ ᠬᠡᠦᠬᠡᠨ ᠬᠡᠪᠳᠡᠰᠢ ᠶᠢᠨ ᠳᠤᠲᠤᠷ ᠪᠦᠷᠬᠦᠪᠴᠢ ᠰᠢᠯᠵᠢᠭᠰᠡᠨ ᠭᠡᠮ ᠦᠨ ᠵᠠᠭᠪᠤᠷ ᠢ ᠵᠤᠬᠢᠶᠠᠭᠰᠠᠨ ᠰᠠᠭᠤᠷᠢᠨ ᠳᠡᠭᠡᠷ᠎ᠡ᠂ ᠵᠢᠵᠢᠭ ᠪᠤᠯᠴᠤᠤ ᠶᠢᠨ ᠳᠡᠭᠡᠷᠡᠬᠢ ᠬᠡᠰᠡᠭ ᠢ ᠣᠭᠲᠤᠯᠵᠤ ᠬᠠᠶᠠᠬᠤ ᠪᠤᠶᠤ ᠵᠢᠵᠢᠭ ᠪᠤᠯᠴᠤᠤ ᠶᠢ ᠵᠡᠭᠦᠦ ᠪᠡᠷ ᠰᠡᠳᠭᠡᠵᠦ ᠰᠢᠭᠦᠰᠦ ᠶᠢ ᠨᠢ ᠭᠠᠷᠭᠠᠬᠤ ᠵᠡᠷᠭᠡ 2 ᠵᠤᠢᠯ ᠤᠨ ᠠᠷᠭ᠎ᠠ ᠪᠠᠷ ᠳᠠᠬᠢᠬᠤ ᠴᠢᠨᠠᠷ ᠲᠠᠢ ᠵᠠᠭᠪᠤᠷ ᠢ ᠦᠢᠯᠡᠳᠴᠡᠢ᠃ ᠦᠷ᠎ᠡ ᠳ᠋ᠦᠩ᠄ ᠠᠩᠬᠠᠳᠠᠭᠴᠢ ᠴᠢᠨᠠᠷ ᠲᠠᠢ ᠵᠠᠭᠪᠤᠷ ᠢ ᠳᠠᠬᠢᠬᠤ ᠴᠢᠨᠠᠷ ᠲᠠᠢ ᠪᠤᠯᠭᠠᠵᠤ ᠰᠢᠢᠳᠪᠦᠷᠢᠯᠡᠭᠡᠳ 2 ᠭᠠᠷᠠᠭ ᠪᠤᠯᠬᠤ ᠳᠤ ᠤᠤᠯ ᠤᠨ ᠵᠢᠵᠢᠭ ᠪᠤᠯᠴᠤᠤ ᠶᠢᠨ ᠣᠷᠤᠨ ᠳᠤ ᠰᠢᠷ᠎ᠠ ᠪᠤᠷᠴᠠᠭ ᠪᠤᠶᠤ ᠨᠤᠭᠤᠭᠠᠨ ᠪᠤᠷᠴᠠᠭ ᠤᠨ ᠭᠢᠷᠢᠲᠡᠢ ᠵᠢᠵᠢᠭ ᠪᠤᠯᠴᠤᠤ ᠲᠮᠳᠡᠷᠢᠭᠳᠡᠬᠦ ᠪᠦᠭᠡᠳ ᠡᠪᠡᠳᠴᠢᠨ ᠦ ᠵᠦᠢ ᠶᠢᠨ ᠪᠠᠢᠴᠠᠭᠠᠯᠲᠠ ᠳᠤ ᠵᠢᠵᠢᠭ ᠪᠤᠯᠴᠤᠤ ᠶᠢᠨ ᠨᠡᠭᠡᠳᠡᠰᠦᠨ ᠦ ᠪᠦᠲᠦᠴᠡ ᠪᠡ ᠰᠢᠨᠵᠢ ᠴᠢᠨᠠᠷ ᠨᠢ ᠳᠠᠬᠢᠬᠤ ᠴᠢᠨᠠᠷ ᠲᠠᠢ ᠬᠡᠦᠬᠡᠨ ᠬᠡᠪᠳᠡᠰᠢ ᠶᠢᠨ ᠳᠤᠲᠤᠷ ᠪᠦᠷᠬᠦᠪᠴᠢ ᠰᠢᠯᠵᠢᠭᠰᠡᠨ ᠭᠡᠮ ᠦᠨ ᠬᠢ ᠲᠠᠢ ᠠᠳᠠᠯᠢᠪᠲᠤᠷ ᠪᠦᠭᠡᠳ ᠴᠢᠰᠦᠨ ᠰᠤᠳᠠᠯ ᠤᠨ ᠬᠠᠩᠭᠠᠯᠲᠠ ᠨᠢ ᠭᠦᠢᠴᠡᠳ ᠪᠤᠢ᠃ ᠳ᠋ᠦᠩᠨᠡᠯᠲᠡ᠄ ᠲᠤᠷᠰᠢᠯᠲᠠ ᠶᠢᠨ ᠳ᠋ᠦᠩ ᠦᠨ ᠬᠠᠷᠠᠭᠤᠯᠤᠭᠰᠠᠨ ᠢᠶᠠᠷ᠂ 2 ᠵᠤᠢᠯ ᠤᠨ ᠠᠷᠭ᠎ᠠ ᠪᠠᠷ ᠦᠢᠯᠡᠳᠦᠭᠰᠡᠨ ᠳᠠᠬᠢᠬᠤ ᠴᠢᠨᠠᠷ ᠲᠠᠢ ᠬᠡᠦᠬᠡᠨ ᠬᠡᠪᠳᠡᠰᠢ ᠶᠢᠨ ᠳᠤᠲᠤᠭᠠᠳᠤ ᠪᠦᠷᠬᠦᠪᠴᠢ ᠰᠢᠯᠵᠢᠭᠰᠡᠨ ᠭᠡᠮ ᠦᠨ ᠵᠠᠭᠪᠤᠷ ᠨᠢ ᠠᠮᠵᠢᠯᠲᠠ ᠲᠠᠢ ᠪᠡᠶᠡᠯᠡᠭᠳᠡᠭᠰᠡᠨ ᠪᠦᠭᠡᠳ ᠡᠨᠡ ᠬᠦ 2 ᠵᠤᠢᠯ ᠤᠨ ᠰᠢᠢᠳᠪᠦᠷᠢᠯᠡᠬᠦ ᠠᠷᠭ᠎ᠠ ᠨᠢ ᠬᠢᠬᠦ ᠳᠦ ᠳᠦᠭᠦᠮ ᠪᠠᠢᠨ᠎ᠠ᠃
Original Literature No Original Paper
出自 内蒙古民族大学学报(蒙医药学) 2015年 第1期

联系我们


内蒙古大学图书馆
呼和浩特市大学西路235号
中国·内蒙古
P: (0471) 4992561
E: huangfeilong@imu.edu.cn