Paper Information


Title ᠭᠤᠷᠪᠠᠨ ᠤᠯᠠᠭᠠᠨ ᠤ ᠲᠠᠩ ᠤᠨ ᠪᠢᠴᠢᠬᠠᠨ ᠬᠤᠯᠤᠭᠠᠨ᠎ᠠ ᠳᠤ ᠦᠵᠡᠭᠦᠯᠬᠦ ᠬᠠᠨᠢᠶᠠᠳᠤ ᠶᠢ ᠵᠤᠭᠰᠤᠭᠠᠬᠤ ᠪᠠ ᠴᠢᠰᠤ ᠶᠢ ᠵᠤᠭᠰᠤᠭᠠᠬᠤ ᠦᠢᠯᠡᠳᠦᠯ ᠵᠢᠴᠢ ᠲᠦᠷᠭᠡᠨ ᠴᠢᠨᠠᠷ ᠲᠠᠢ ᠬᠤᠤᠷᠳᠠᠭᠳᠠᠯ ᠤᠨ ᠲᠤᠬᠠᠢ ᠰᠤᠳᠤᠯᠭ᠎ᠠ
Creator ᠲᠦᠩ ᠱᠠᠨ; ᠸᠠᠩ ᠬᠤᠸᠠᠨ
Keyword ᠭᠤᠷᠪᠠᠨ ᠤᠯᠠᠭᠠᠨ ᠤ ᠲᠠᠩ; ᠬᠠᠨᠢᠶᠠᠳᠤ ᠶᠢ ᠵᠤᠭᠰᠤᠭᠠᠬᠤ; ᠴᠢᠰᠤ ᠶᠢ ᠵᠤᠭᠰᠤᠭᠠᠬᠤ ᠦᠢᠯᠡᠳᠦᠯ; ᠲᠦᠷᠭᠡᠨ ᠴᠢᠨᠠᠷ ᠲᠠᠢ ᠬᠤᠤᠷᠳᠠᠭᠳᠠᠯ; ᠲᠤᠷᠰᠢᠯᠳᠠ ᠶᠢᠨ ᠰᠤᠳᠤᠯᠭ᠎ᠠ
Abstract ᠵᠤᠷᠢᠯᠭ᠎ᠠ᠄ ᠲᠤᠰ ᠰᠤᠳᠤᠯᠭᠠᠨ ᠳᠤ ᠠᠮᠢᠳᠠᠨ ᠤ ᠲᠤᠷᠰᠢᠯᠳᠠ ᠪᠡᠷ ᠲᠠᠮᠵᠢᠵᠤ᠂ ᠭᠤᠷᠪᠠᠨ ᠤᠯᠠᠭᠠᠨ ᠤ ᠲᠠᠩ ᠤᠨ ᠬᠠᠨᠢᠶᠠᠳᠤ ᠶᠢ ᠵᠤᠭᠰᠤᠭᠠᠵᠤ᠂ ᠴᠢᠰᠤ ᠶᠢ ᠵᠤᠭᠰᠤᠭᠠᠬᠤ ᠤᠯᠠᠮᠵᠢᠯᠠᠯᠳᠤ ᠴᠢᠳᠠᠯ ᠤᠨ ᠰᠢᠨᠵᠢᠯᠡᠬᠦ ᠤᠬᠠᠭᠠᠨᠴᠢ ᠴᠢᠨᠠᠷ ᠢ ᠤᠯᠠᠮ ᠨᠢᠭᠡ ᠠᠯᠬᠤᠮ ᠪᠠᠳᠤᠯᠠᠵᠤ᠂ ᠡᠮᠴᠢᠯᠡᠭᠡᠨ ᠤ ᠬᠡᠷᠡᠭᠯᠡᠭᠡᠨ ᠳᠤ ᠲᠤᠷᠰᠢᠯᠳᠠ ᠶᠢᠨ ᠪᠠᠷᠢᠮᠳᠠ ᠪᠤᠯᠤᠨ ᠠᠮᠤᠷ ᠲᠦᠪᠰᠢᠨ ᠤ ᠬᠡᠪᠴᠢᠶ᠎᠎ᠡ ᠬᠠᠩᠭ᠋ᠠᠬᠤ ᠪᠤᠯᠤᠨ᠎ᠠ᠃ ᠠᠷᠭ᠎ᠠ᠄ ᠦᠳᠭᠡᠨ ᠰᠢᠪᠳᠤᠷ ᠤᠨ ᠤᠰᠤᠨ ᠰᠡᠳᠡᠯᠳᠡ ᠡᠴᠡ ᠪᠤᠯᠬᠤ ᠪᠢᠴᠢᠬᠠᠨ ᠬᠤᠯᠤᠭᠠᠨ᠎ᠠ ᠶᠢᠨ ᠬᠠᠨᠢᠶᠠᠳᠤ ᠶᠢ ᠵᠤᠭᠰᠤᠭᠠᠬᠤ ᠲᠤᠷᠰᠢᠯᠳᠠ᠂ ᠴᠢᠰᠤ ᠡᠭᠡᠳᠡᠬᠦ ᠴᠠᠭ ᠢ ᠬᠡᠮᠵᠢᠬᠦ ᠪᠠ ᠴᠢᠰᠤ ᠶᠢ ᠵᠤᠭᠰᠤᠭᠠᠬᠤ ᠲᠤᠷᠰᠢᠯᠳᠠ ᠪᠡᠷ ᠲᠠᠮᠵᠢᠵᠤ᠂ ᠭᠤᠷᠪᠠᠨ ᠤᠯᠠᠭᠠᠨ ᠤ ᠲᠠᠩ ᠤᠨ ᠠᠭᠤᠰᠬᠢᠨ ᠬᠠᠯᠠᠭᠤᠨ ᠢ ᠠᠷᠢᠯᠭᠠᠬᠤ᠂ ᠴᠢᠰᠤ ᠶᠢ ᠵᠤᠭᠰᠤᠭᠠᠬᠤ ᠦᠢᠯᠡᠳᠦᠯ ᠢ ᠠᠵᠢᠭᠯᠠᠨ᠎ᠠ᠃ ᠦᠷ᠎ᠡ ᠳ᠋ᠦᠩ᠄ ᠬᠠᠨᠢᠶᠠᠳᠤ ᠶᠢ ᠵᠤᠭᠰᠤᠭᠠᠬᠤ ᠲᠤᠷᠰᠢᠯᠳᠠ ᠶᠢᠨ ᠦᠷ᠎ᠡ ᠳ᠋ᠦᠩ ᠢᠯᠡᠷᠬᠡᠢ᠌ᠯᠡᠭᠰᠡᠨ ᠨᠢ ᠂ ᠭᠤᠷᠪᠠᠨ ᠤᠯᠠᠭᠠᠨ ᠤ ᠲᠠᠩ ᠤᠨ ᠶᠡᠬᠡ ᠬᠡᠮᠵᠢᠶᠡᠨ ᠤ ᠲᠤᠭᠤᠢ᠌ᠯᠠᠩ ᠨᠢ ᠦᠳᠭᠡᠨ ᠰᠢᠪᠳᠤᠷ ᠤᠨ ᠤᠰᠤᠨ ᠡᠴᠡ ᠪᠤᠯᠤᠭᠰᠠᠨ ᠰᠡᠳᠡᠯᠳᠡ ᠳᠤ᠂ ᠡᠬᠢᠯᠡᠵᠦ ᠬᠠᠨᠢᠶᠠᠬᠤ ᠴᠠᠭ ᠢ ᠢᠯᠡᠳᠳᠡ ᠤᠷᠳᠤᠳᠬᠠᠵᠤ᠂ ᠲᠤᠭᠳᠠᠭᠰᠠᠨ ᠬᠤᠭᠤᠴᠠᠭᠠᠨ ᠳᠡᠬᠢ ᠬᠠᠨᠢᠶᠠᠬᠤ ᠲᠤᠭ᠎ᠠ ᠶᠢ ᠢᠯᠡᠳᠳᠡ ᠪᠠᠭᠠᠰᠬᠠᠭᠰᠠᠨ ᠪᠠᠢ᠌ᠨ᠎ᠠ (ᠪᠦᠷ P<0.05)᠃ ᠲᠤᠮᠳᠠ ᠬᠡᠮᠵᠢᠶᠡᠨ ᠤ ᠲᠤᠭᠤᠢ᠌ᠯᠠᠩ ᠪᠤᠯᠤᠨ ᠪᠠᠭ᠎ᠠ ᠬᠡᠮᠵᠢᠶᠡᠨ ᠤ ᠲᠤᠭᠤᠢ᠌ᠯᠠᠩ ᠨᠢ ᠬᠠᠨᠢᠶᠠᠳᠤ ᠶᠢ ᠵᠤᠭᠰᠤᠭᠠᠬᠤ ᠬᠠᠨᠳᠤᠰᠢ ᠲᠠᠢ ᠪᠤᠯᠪᠠᠴᠤ ᠢᠯᠡᠳᠳᠡ ᠵᠦᠷᠢᠶ᠎ᠡ ᠭᠠᠷᠤᠭᠰᠠᠨ ᠦᠭᠡᠢ᠃ ᠴᠢᠰᠤ ᠵᠤᠭᠰᠤᠭᠠᠬᠤ ᠲᠤᠷᠰᠢᠯᠳᠠ ᠳᠤ ᠂ ᠶᠡᠬᠡ ᠬᠡᠮᠵᠢᠶᠡᠨ ᠤ ᠲᠤᠭᠤᠢ᠌ᠯᠠᠩ ᠪᠤᠯᠤᠨ ᠲᠤᠮᠳᠠ ᠬᠡᠮᠵᠢᠶᠡᠨ ᠤ ᠲᠤᠭᠤᠢ᠌ᠯᠠᠩ ᠨᠢ ᠴᠢᠰᠤᠨ ᠤ ᠡᠭᠡᠳᠡᠬᠦ ᠴᠠᠭ ᠢ ᠢᠯᠡᠳᠳᠡ ᠪᠤᠭᠤᠨᠢᠰᠬᠠᠵᠤ (ᠲᠤᠰ ᠪᠦᠷᠢ P<0.01᠂ P<0.05)᠂ ᠪᠠᠭ᠎ᠠ ᠬᠡᠮᠵᠢᠶᠡᠨ ᠤ ᠲᠤᠭᠤᠢ᠌ᠯᠠᠩ ᠨᠢ ᠴᠢᠰᠤ ᠡᠭᠡᠳᠡᠬᠦ ᠴᠠᠭ ᠢ ᠪᠤᠭᠤᠨᠢᠰᠬᠠᠬᠤ ᠬᠠᠨᠳᠤᠰᠢ ᠲᠠᠢ ᠪᠤᠯᠪᠠᠰᠤ ᠢᠯᠡᠳᠳᠡ ᠵᠦᠷᠢᠶ᠎ᠡ ᠭᠠᠷᠤᠭᠰᠠᠨ ᠦᠭᠡᠢ ᠃ ᠲᠦᠷᠭᠡᠨ ᠴᠢᠨᠠᠷᠳᠠᠢ ᠭᠤᠤᠷᠳᠠᠭᠳᠠᠯ ᠤᠨ ᠲᠤᠷᠰᠢᠯᠳᠠ ᠳᠤ᠂ ᠬᠠᠮᠤᠭ ᠶᠡᠬᠡ ᠲᠠᠭᠠᠭᠠᠴᠠ ᠶᠢᠨ ᠬᠡᠮᠵᠢᠶ᠎ᠡ ᠨᠢ ᠡᠮᠴᠢᠯᠡᠭᠡᠨ ᠲᠡᠭᠡᠷᠡᠬᠢ ᠬᠡᠷᠡᠭᠯᠡᠬᠦ ᠬᠡᠮᠵᠢᠶᠡᠨ ᠤ 100 ᠲᠠᠬᠢᠨ ᠡᠴᠡ ᠢᠡᠯᠭᠦᠦ ᠪᠠᠢ᠌ᠳᠠᠭ᠃ ᠳ᠋ᠦᠩᠨᠡᠯᠳᠡ᠄ ᠲᠤᠷᠰᠢᠯᠳᠠ ᠪᠡᠷ ᠲᠠᠮᠵᠢᠨ ᠬᠡᠷᠡᠴᠢᠯᠡᠭᠰᠡᠨ ᠨᠢ᠂ ᠭᠤᠷᠪᠠ ᠤᠯᠠᠭᠠᠨ ᠤ ᠲᠠᠩ ᠨᠢ ᠢᠯᠡᠳᠳᠡ ᠬᠠᠨᠢᠶᠠᠳᠤ ᠶᠢ ᠵᠤᠭᠰᠤᠭᠠᠬᠤ ᠂ ᠴᠢᠰᠤ ᠶᠢ ᠵᠤᠭᠰᠤᠭᠠᠬᠤ ᠡᠮ ᠵᠦᠢ ᠶᠢᠨ ᠦᠢᠯᠡᠳᠦᠯ ᠲᠠᠢᠪᠦᠭᠡᠳ ᠲᠤᠭᠳᠠᠭᠰᠠᠨ ᠬᠡᠪᠴᠢᠶᠡᠨ ᠳᠤ ᠬᠡᠮᠵᠢᠶ᠎ᠡ ᠲᠤᠰᠠ ᠶᠢᠨ ᠬᠠᠷᠢᠴᠠᠭ᠎ᠠ ᠲᠠᠢ᠂ ᠡᠮ ᠬᠡᠷᠡᠭᠯᠡᠬᠦ ᠠᠮᠤᠷ ᠲᠦᠪᠰᠢᠨ ᠤ ᠬᠡᠪᠴᠢᠶ᠎ᠡ ᠨᠢ ᠲᠤᠩ ᠦᠷᠭᠡᠨ ᠪᠠᠢ᠌ᠨ᠎ᠠ᠃
Original Literature View Original Paper
出自 内蒙古民族大学学报(蒙医药学) 2014年 第1期

联系我们


内蒙古大学图书馆
呼和浩特市大学西路235号
中国·内蒙古
P: (0471) 4992561
E: huangfeilong@imu.edu.cn