Paper Information


Title ᠮᠣᠩ᠋ᠭᠤᠯ ᠬᠢᠲᠠᠳ ᠡᠸᠦ᠋ᠷᠦᠫᠡ ᠡᠮᠨᠡᠯᠭᠡ ᠪᠡᠷ ᠲᠠᠷᠢᠬᠢᠨ ᠦ ᠪᠦᠯᠦᠭᠨᠡᠯ ᠢ ᠵᠠᠰᠠᠵᠤ ᠡᠮᠴᠢᠯᠡᠭᠡᠨ ᠦ ᠠᠴᠢ ᠲᠤᠰᠠ ᠶᠢ ᠦᠨᠡᠯᠡᠭᠰᠡᠨ ᠪᠠᠷᠢᠮᠵᠢᠶ᠎ᠠ ᠶᠢᠨ ᠲᠤᠬᠠᠢ ᠬᠤᠷᠢᠶᠠᠩ᠋ᠭᠤᠢ ᠲᠠᠨᠢᠯᠴᠠᠭᠤᠯᠭ᠎ᠠ
Creator ᠪᠤᠤ ᠵᠢᠨ ᠷᠦᠩ; ᠡᠷᠳᠡᠨᠢᠴᠢᠯᠠᠭᠤ
Keyword ᠮᠣᠩ᠋ᠭᠤᠯ ᠡᠮᠨᠡᠯᠭᠡ; ᠬᠢᠲᠠᠳ ᠡᠮᠨᠡᠯᠭᠡ; ᠡᠸᠦ᠋ᠷᠦᠫᠡ ᠡᠮᠨᠡᠯᠭᠡ; ᠲᠠᠷᠢᠬᠢᠨ ᠦ ᠪᠦᠯᠦᠩᠨᠡᠯ; ᠡᠮᠴᠢᠯᠡᠭᠡᠨ ᠦ ᠠᠴᠢ ᠲᠤᠰᠠ ᠶᠢ ᠦᠨᠡᠯᠡᠭᠰᠡᠨ ᠪᠠᠷᠢᠮᠵᠢᠶ᠎ᠠ
Abstract ᠮᠣᠩ᠋ᠭᠤᠯ ᠡᠮᠨᠡᠯᠭᠡ ᠶᠢᠨ ᠳᠠᠪᠠᠭᠤᠯᠢᠭ ᠲᠠᠯ᠎ᠠ ᠶᠢ ᠪᠠᠳᠠᠷᠠᠭᠤᠯᠤᠨ ᠡᠮᠴᠢᠯᠡᠭᠡᠨ ᠦ ᠠᠴᠢ ᠲᠤᠰᠠ ᠶᠢ ᠦᠨᠡᠯᠡᠬᠦ ᠪᠠᠷᠢᠮᠵᠢᠶ᠎ᠠ ᠶᠢ ᠨᠢᠭᠡᠲᠦᠯᠲᠡᠢ ᠪᠤᠯᠭᠠᠨ᠂ ᠡᠮᠴᠢᠯᠡᠭᠡᠨ ᠦ ᠦᠷ᠎ᠡ ᠳ᠋ᠦᠩ ᠢ ᠣᠯᠠᠨ (‍ᠳᠡᠯᠡᠬᠡᠢ) ᠨᠡᠢ᠌ᠲᠡ ᠳᠦ ᠢᠲᠡᠭᠡᠭᠦᠯᠬᠦ ᠬᠦᠴᠦᠨ ᠢᠶᠡᠷ ᠴᠢᠩ᠋ᠭ᠎ᠠ ᠪᠤᠯᠭᠠᠬᠤ ᠵᠤᠷᠢᠯᠭ᠎ᠠ ᠠᠴ ᠲᠤᠰ ᠰᠡᠳᠦᠪ ᠢ ᠰᠤᠩ᠋ᠭᠤᠪᠠ᠃ ᠡᠷᠭᠢᠴᠡᠭᠦᠯᠦᠯ ᠦᠨ ᠴᠢᠨᠠᠷᠲᠠᠢ ᠵᠠᠳᠠᠯᠤᠨ ᠰᠢᠨᠵᠢᠯᠡᠬᠦ ᠪᠡᠷ ᠳᠠᠮᠵᠢᠨ ᠡᠸᠦ᠋ᠷᠦᠫᠡ ᠡᠮᠨᠡᠯᠭᠡ ᠪᠡᠷ ᠲᠠᠷᠢᠬᠢᠨ ᠤ ᠪᠦᠯᠦᠩᠨᠡᠯ ᠢ ᠡᠮᠨᠡᠨ ᠵᠠᠰᠠᠭᠰᠠᠨ ᠲᠤᠬᠠᠢ 2001 ~ 2009 ᠣᠨ ᠤ ᠬᠤᠭᠤᠷᠤᠨᠳᠤᠬᠢ ᠮᠡᠳᠡᠭᠡᠯᠡᠯ ᠡᠴᠡ 59 ᠬᠠᠭᠤᠳᠠᠰᠤ᠂ ᠬᠢᠲᠠᠳ᠂ ᠬᠢᠲᠠᠳ ᠡᠸᠦ᠋ᠷᠦᠫᠡ ᠡᠮᠨᠡᠯᠭᠡ ᠶᠢ ᠤᠶᠠᠯᠳᠤᠭᠤᠯᠤᠨ ᠲᠠᠷᠢᠬᠢᠨ ᠦ ᠪᠦᠯᠦᠩᠨᠡᠯ ᠢ ᠡᠮᠨᠡᠨ ᠵᠠᠰᠠᠭᠰᠠᠨ ᠲᠤᠬᠠᠢ 2001 ~ 2009 ᠣᠨ ᠤ ᠬᠤᠭᠤᠷᠤᠨᠳᠤᠬᠢ ᠮᠡᠳᠡᠭᠡᠯᠡᠯ ᠡᠴᠡ 14 ᠬᠠᠭᠤᠳᠠᠰᠤ ᠶᠢ ᠲᠤᠰ ᠲᠤᠰ ᠰᠤᠩ᠋ᠭᠤᠵᠤ ᠡᠮᠴᠢᠯᠡᠭᠡᠨ ᠦ ᠠᠴᠢ ᠲᠤᠰᠠ ᠶᠢ ᠦᠨᠡᠯᠡᠭᠰᠡᠨ ᠪᠠᠷᠢᠮᠵᠢᠶ᠎ᠠ ᠶᠢᠨ ᠲᠤᠬᠠᠢ ᠬᠤᠷᠢᠶᠠᠩ᠋ᠭᠤᠢ᠌ᠯᠠᠨ ᠳ᠋ᠦᠩᠨᠡᠵᠦ ᠬᠠᠷᠢᠴᠠᠭᠤᠯᠤᠨ ᠠᠳᠠᠯᠢᠳᠬᠠᠪᠠ᠃ ᠡᠭᠦᠨ ᠦ ᠳ᠋ᠦᠩ ᠳᠦ ᠂ ᠡᠸᠦ᠋ᠷᠦᠫᠡ ᠡᠮᠨᠡᠯᠭᠡ ᠶᠢᠨ ᠡᠮᠴᠢᠯᠡᠭᠡᠨ ᠦ ᠠᠴᠢ ᠲᠤᠰᠠ ᠶᠢ ᠦᠨᠡᠯᠡᠭᠰᠡᠨ ᠪᠠᠷᠢᠮᠵᠢᠶ᠎ᠠ ᠨᠢ ᠢᠲᠡᠭᠦᠯᠬᠦ ᠬᠦᠴᠦᠨ ᠢᠶᠡᠷ ᠴᠢᠩ᠋ᠭ᠎ᠠ ᠪᠠᠢ᠌ᠵᠤ᠂ ᠮᠣᠩ᠋ᠭᠤᠯ ᠡᠮᠨᠡᠯᠭᠡ ᠶᠢᠨ ᠬᠢᠨ ᠦ ᠳᠡᠯᠡᠬᠡᠢ ᠨᠡᠢ᠌ᠲᠡ ᠪᠡᠷ ᠢᠶᠡᠨ ᠵᠦᠪᠰᠢᠶᠡᠷᠡᠵᠦ ᠪᠠᠢ᠌ᠭ᠎ᠠ ᠡᠮᠴᠢᠯᠡᠭᠡᠨ ᠦ ᠠᠴᠢ ᠲᠤᠰᠠ ᠶᠢ ᠦᠨᠡᠯᠡᠬᠦ ᠪᠠᠷᠢᠮᠵᠢᠶ᠎ᠠ ᠶᠤᠰᠤᠭᠠᠷ ᠦᠨᠡᠯᠡᠭᠰᠡᠨ ᠮᠡᠳᠡᠭᠡᠯᠡᠯ ᠮᠠᠰᠢ ᠴᠦᠬᠡᠨ ᠪᠦᠭᠡᠳ ᠲᠦᠯᠦᠪᠯᠡᠭᠰᠡᠨ ᠠᠷᠭ᠎ᠠ᠂ ᠬᠤᠪᠢ ᠲᠡᠮᠳᠡᠭᠯᠡᠭᠰᠡᠨ ᠪᠠᠷᠢᠮᠵᠢᠶ᠎ᠠ ᠨᠢ ᠪᠠᠷᠢᠮᠲᠠ ᠶᠢ ᠮᠦᠷᠲᠡᠭᠦᠢ ᠠᠨᠠᠭᠠᠬᠤ ᠤᠬᠠᠭᠠᠨ ᠤ ᠱᠠᠭᠠᠷᠳᠠᠯᠭ᠎ᠠ ᠳᠤ ᠨᠡᠢ᠌ᠴᠡᠬᠦ ᠦᠭᠡᠢ ᠪᠠᠢ᠌ᠵᠤ᠂ ᠳ᠋ᠦᠩᠨᠡᠯᠲᠡ ᠨᠢ ᠢᠲᠡᠭᠡᠭᠦᠯᠬᠦ ᠬᠦᠴᠦᠨ ᠢᠶᠡᠷ ᠠᠨᠠᠢ ᠪᠠᠢ᠌ᠨ᠎ᠠ᠃
Original Literature View Original Paper
出自 内蒙古民族大学学报(蒙医药学) 2011年 第1期

联系我们


内蒙古大学图书馆
呼和浩特市大学西路235号
中国·内蒙古
P: (0471) 4992561
E: huangfeilong@imu.edu.cn