Paper Information


Title ᠮᠣᠩ᠋ᠭᠤᠯ ᠠᠨᠠᠭᠠᠬᠤ ᠤᠬᠠᠭᠠᠨ ᠤ ᠣᠨᠣᠯ ᠳᠤ ᠬᠢ 《ᠲᠡᠭᠰᠢ》ᠭᠡᠳᠡᠭ ᠦᠭᠡ ᠶᠢᠨ ᠤᠳᠬ᠎ᠠ ᠶᠢ ᠰᠢᠨᠵᠢᠯᠡᠬᠦ ᠨᠢ
Creator ᠪᠤᠶᠠᠨᠲᠤ; ᠵᠤᠤ ᠪᠠᠢ ᠰᠦᠢ
Keyword ᠮᠣᠩ᠋ᠭᠤᠯ ᠠᠨᠠᠭᠠᠬᠤ ᠤᠬᠠᠭᠠᠨ; ᠡᠷᠳᠡᠮ; ᠪᠡᠯᠭᠡ ᠴᠢᠨᠠᠷ; ᠲᠡᠭᠰᠢ ᠴᠢᠨᠠᠷ
Abstract ᠮᠣᠩ᠋ᠭᠤᠯ ᠠᠨᠠᠭᠠᠬᠤ ᠤᠬᠠᠭᠠᠨ ᠤ ᠣᠨᠣᠯ ᠤᠨ ᠰᠤᠳᠤᠯᠭᠠᠨ ᠳᠤ ᠬᠡᠢ ᠶᠢᠨ ᠮᠦᠨ ᠴᠢᠨᠠᠷ ᠢ ᠬᠠᠯᠭᠤᠨ ᠬᠦᠢᠲᠡ ᠤ ᠬᠤᠪᠢ ᠳᠤ ᠬᠠᠮᠤᠭ ᠤᠨ ᠠᠩ᠋ᠬ᠎ᠠ 《ᠬᠦᠢᠲᠡᠨ ᠴᠢᠨᠠᠷ ᠲᠠᠢ》ᠭᠡᠵᠦ ᠪᠠᠢ᠌ᠭᠰᠠᠨ ᠢ 20᠋ ᠳᠤᠭᠠᠷ ᠵᠠᠭᠤᠨ ᠤ ᠵᠢᠷᠠᠭᠠᠳ ᠣᠨ ᠠᠴᠠ ᠡᠬᠢᠯᠡᠵᠦ ᠠᠭᠠᠵᠢᠮ ᠢᠶᠠᠷ 《ᠰᠡᠷᠢᠦᠨ ᠴᠢᠨᠠᠷ ᠲᠠᠢ》ᠭᠡᠡᠨ ᠦᠵᠡᠬᠦ ᠪᠤᠯᠤᠭᠰᠠᠨ ᠪᠦᠭᠡ ᠣᠳᠣ ᠦᠶ᠎ᠡ ᠪᠤᠯᠵᠤ ᠢᠷᠡᠭᠡᠳ ᠵᠠᠷᠢᠮ ᠡᠷᠳᠡᠮᠲᠡᠨ ᠬᠠᠷᠢᠨ 《ᠲᠡᠭᠰᠢ ᠴᠢᠨᠠᠷ ᠲᠠᠢ》ᠬᠡᠮᠡᠨ ᠴᠢᠳᠠᠯ ᠮᠡᠳᠡᠨ ᠰᠤᠷᠲᠠᠯᠴᠢᠯᠠᠬᠤ ᠪᠤᠯᠵᠠᠢ᠃ 《ᠬᠦᠬᠡ ᠪᠧᠧᠳᠤᠷᠶ᠎ᠠ (ᠪᠢᠳᠤᠷᠶ᠎ᠠ)》ᠵᠡᠷᠭᠡ ᠡᠷᠲᠡᠨ ᠦ ᠮᠣᠩ᠋ᠭᠤᠯ ᠠᠨᠠᠭᠠᠬᠤ ᠤᠬᠠᠭᠠᠨ ᠤ ᠰᠤᠷᠪᠤᠯᠢ ᠪᠢᠴᠢᠭ᠌ ᠲᠦ ᠬᠡᠳᠦᠢ᠌ᠪᠡᠷ 《ᠭᠡᠮ ᠢ ᠭᠤᠤᠯᠳᠠᠯᠭ᠎ᠠ ᠲᠠᠢ ᠪᠠᠷ ᠢᠯᠭᠠᠪᠠᠯ ᠬᠡᠢ᠂ ᠰᠢᠷ᠎ᠠ᠂ ᠪᠠᠳᠭᠠ ᠭᠤᠷᠪᠠᠨ ᠵᠤᠢ᠌ᠯ ᠪᠤᠢ᠂ ᠲᠡᠭᠦᠨ ᠦ ᠮᠦᠨ ᠴᠢᠨᠠᠷ ᠢ ᠬᠠᠯᠠᠭᠤᠨ᠂ ᠬᠦᠢᠲᠡᠨ᠂ ᠲᠡᠭᠰᠢ ᠭᠤᠷᠪᠠᠨ ᠵᠤᠢ᠌ᠯ ᠢᠶᠠᠷ ᠢᠯᠭᠠᠨ᠎ᠠ》ᠭᠡᠰᠡᠨ ᠪᠤᠯᠪᠠᠴᠤ ᠡᠨᠡ ᠬᠦ 《ᠲᠡᠭᠰᠢ》ᠭᠡᠳᠡᠭ ᠪᠤᠯ ᠬᠢᠲᠠᠳ ᠡᠮ ᠦᠨ ᠤᠬᠠᠭᠠᠨ ᠤ ᠬᠢ 《ᠲᠡᠭᠰᠢ ᠴᠢᠨᠠᠷ》(平性)ᠣᠭᠲᠤ ᠪᠢᠰᠢ᠂ ᠬᠠᠷᠢᠨ ᠱᠠᠰᠢᠨ ᠤ ᠲᠤᠰᠬᠠᠢ ᠨᠡᠷ᠎ᠡ ᠲᠤᠮᠢᠶ᠎ᠠ ᠪᠤᠯᠬᠤ 《ᠲᠡᠩᠴᠡᠭᠦᠦ》ᠪᠤᠶᠤ 《ᠵᠠᠪᠰᠠᠷ ᠢ ᠪᠠᠷᠢᠬᠤ》᠂ 《ᠳᠤᠮᠳᠠ ᠨᠢ ᠣᠷᠤᠰᠢᠬᠤ》᠂ 《ᠲᠡᠭᠰᠢ ᠣᠷᠤᠰᠢᠬᠤ》ᠭᠡᠬᠦ ᠤᠳᠬ᠎ᠠ ᠲᠠᠢ 《ᠲᠡᠭᠰᠢ》(平等,等)ᠭᠡᠳᠡᠭ ᠡᠮᠳᠡᠭ ᠦᠭᠡ ᠪᠤᠯᠤᠨ᠎ᠠ᠃
Original Literature View Original Paper
出自 内蒙古民族大学学报(蒙医药学) 2013年 第1期

联系我们


内蒙古大学图书馆
呼和浩特市大学西路235号
中国·内蒙古
P: (0471) 4992561
E: huangfeilong@imu.edu.cn