Paper Information


Title ᠣᠶᠢᠷᠠᠳ ᠤᠨ ᠪᠠᠭᠠᠲᠤᠷᠯᠢᠭ ᠦᠯᠢᠭᠡᠷ ᠪᠣᠯᠤᠨ ᠪᠠᠭᠠᠲᠤᠷᠯᠢᠭ ᠲᠤᠤᠯᠢ ᠵᠢᠨ ᠬᠠᠷᠢᠴᠠᠭᠤᠯᠤᠭᠰᠠᠨ ᠰᠣᠳᠤᠯᠤᠯ
Creator ᠪᠡ‍·ᠳᠠᠮᠷᠢᠨᠵᠠᠪ
Keyword ᠪᠠᠭᠠᠲᠤᠷᠯᠢᠭ ᠦᠯᠢᠭᠡᠷ; ᠪᠠᠭᠠᠲᠤᠷ ᠲᠤᠤᠯᠢ; ᠬᠠᠷᠢᠴᠠᠭᠤᠯᠤᠯ
Abstract ᠮᠣᠩᠭ᠋ᠤᠯ ᠪᠠᠭᠠᠲᠤᠷᠯᠢᠭ ᠦᠯᠢᠭᠡᠷ ᠪᠣᠯᠤᠨ ᠪᠠᠭᠠᠲᠤᠷᠯᠢᠭ ᠲᠤᠤᠯᠢ ᠪᠣᠯ ᠠᠮᠠᠨ ᠵᠣᠬᠢᠶᠠᠯ ᠤᠨ ᠬᠣᠶᠠᠷ ᠦᠭᠡᠷ ᠡ ᠲᠦᠷᠦᠯ ᠵᠦᠢᠯ ᠶᠤᠮ᠃ ᠭᠡᠪᠡᠴᠦ ᠬᠣᠶᠠᠭᠤᠯᠠ ᠢᠢᠨ ᠠᠭᠤᠯᠭ᠋ ᠠ᠂ ᠦᠢᠯᠡ ᠶᠠᠪᠤᠳᠠᠯ ᠨᠢ ᠬᠣᠭᠤᠷᠤᠨᠳᠤ ᠪᠡᠨ ᠨᠡᠶᠢᠲᠡᠯᠢᠭ ᠰᠢᠨᠵᠢ ᠲᠠᠢ ᠪᠠᠶᠢᠨ᠌ ᠠ᠃ ᠣᠶᠢᠷᠠᠳ ᠤᠨ ᠪᠠᠭᠠᠲᠤᠷᠯᠢᠭ ᠦᠯᠢᠭᠡᠷ ᠤᠨ ᠦᠢᠯᠡ ᠶᠠᠪᠤᠳᠠᠯ ᠢ ᠦᠨᠳᠦᠰᠦᠯᠡᠪᠡᠯ ᠬᠣᠷᠢᠨ ᠲᠠᠪᠤᠨ ᠵᠦᠢᠯ ᠤᠨ ᠦᠭᠦᠯᠡᠮᠵᠢ ᠲᠠᠢ ᠪᠠᠶᠢᠵᠤ᠂ ᠲᠡᠭᠦᠨ ᠤ ᠳᠠᠷᠬᠠᠴᠠ ᠪᠠ ᠤᠯᠠᠮᠵᠢᠯᠠᠯᠲᠤ ᠶᠠᠪᠤᠴᠠ ᠳᠡᠬᠢ ᠬᠣᠪᠢᠷᠠᠯ ᠡᠴᠡ ᠨᠢ ᠦᠵᠡᠪᠡᠯ ᠵᠠᠷᠢᠮ ᠪᠠᠭᠠᠲᠤᠷᠯᠢᠭ ᠲᠤᠤᠯᠢᠰ ᠡᠴᠡ ᠡᠮᠦᠨ᠌ ᠡ ᠡᠭᠦᠰᠦᠭᠰᠡᠨ ᠪᠠᠶᠢᠵᠤ᠂ ᠵᠠᠷᠢᠮ ᠨᠢ ᠪᠠᠭᠠᠲᠤᠷᠯᠢᠭ ᠲᠤᠤᠯᠢ ᠲᠠᠢ ᠬᠠᠮᠲᠤ ᠳᠠᠭᠠᠨ ᠡᠭᠦᠰᠴᠦ ᠬᠦᠭ᠍ᠵᠢᠭᠰᠡᠨ ᠪᠠᠶᠢᠨ᠌ ᠠ᠃ ᠮᠦᠨ ᠵᠠᠷᠢᠮ ᠦᠯᠢᠭᠡᠷ ᠨᠢ ᠲᠤᠤᠯᠢᠰ ᠡᠴᠡ ᠪᠠᠭᠠᠲᠤᠷᠯᠢᠭ ᠦᠯᠢᠭᠡᠷ ᠪᠣᠯᠵᠤ ᠬᠣᠪᠢᠷᠠᠭᠰᠠᠨ ᠴᠦ ᠶᠠᠪᠤᠳᠠᠯ ᠪᠣᠢ᠃ ᠪᠠᠭᠠᠲᠤᠷᠯᠢᠭ ᠦᠯᠢᠭᠡᠷ ᠪᠣᠯᠤᠨ ᠪᠠᠭᠠᠲᠤᠷᠯᠢᠭ ᠲᠤᠤᠯᠢ ᠬᠣᠭᠤᠷᠤᠨᠳᠤ ᠪᠡᠨ ᠵᠠᠪᠠᠯ ᠨᠢᠭᠡ ᠨᠢ ᠨᠢᠭᠡᠨ ᠳᠡᠭᠡᠨ ᠨᠦᠯᠦᠭᠡᠯᠡᠬᠦ ᠪᠣᠶᠤ ᠬᠠᠷᠢᠯᠴᠠᠨ ᠰᠢᠳᠦᠯᠴᠡᠬᠦ ᠭᠡᠰᠡᠨ ᠦᠬᠡ ᠪᠢᠰᠢ᠂ ᠬᠠᠷᠢᠨ ᠲᠡᠳᠡᠭᠡᠷ ᠨᠢ ᠨᠢᠭᠡᠨ ᠠᠳᠠᠯᠢ ᠪᠡᠷ ᠬᠦᠭ᠍ᠵᠢᠵᠦ ᠪᠣᠯᠬᠤ ᠪᠦᠭᠡᠳ ᠮᠦᠨ ᠪᠠᠰᠠ ᠬᠠᠷᠢᠯᠴᠠᠨ ᠠᠭᠤᠰᠴᠦ ᠢᠳᠡᠭᠡᠰᠢᠨ᠂ ᠦᠪᠡᠷ ᠦᠪᠡᠷ ᠤᠨ ᠳᠣᠲᠤᠭᠠᠳᠤ ᠵᠢᠮ ᠡ ᠬᠠᠤᠯᠢ ᠪᠡᠷ ᠵᠢᠡᠨ ᠬᠦᠭ᠍ᠵᠢᠨ ᠲᠡᠭᠦᠯᠳᠡᠷᠵᠢᠳᠡᠭ ᠪᠠᠶᠢᠨ᠌ ᠠ᠃
Original Literature View Original Paper
出自 内蒙古民族大学学报(社会科学) 2007年 第4期

联系我们


内蒙古大学图书馆
呼和浩特市大学西路235号
中国·内蒙古
P: (0471) 4992561
E: huangfeilong@imu.edu.cn