| Title | 
                ᠮᠠᠯᠴᠢᠨᠬᠦᠦ ᠶᠢᠨ ᠲᠤᠭᠤᠵᠢᠰ ᠤᠷᠠᠯᠢᠭ ᠤᠨ ᠦᠨᠳᠦᠰᠦᠲᠡᠨ ᠦ ᠰᠤᠶᠤᠯ ᠪᠠᠷᠢᠯᠳᠤᠯᠭᠠ ᠶᠢᠨ ᠲᠠᠢᠯᠤᠮᠵᠢ (ᠭᠤᠷᠪᠠ) — ᠮᠠᠯᠴᠢᠨᠬᠦᠦ ᠶᠢᠨ ᠲᠤᠭᠤᠵᠢᠰ ᠬᠢᠭᠡ ᠮᠣᠩ᠋ᠭᠤᠯ ᠠᠷᠠᠳ ᠤᠨ ᠳᠠᠭᠤᠤ ᠶᠢᠨ ᠰᠤᠶᠤᠯ ᠪᠠᠷᠢᠯᠳᠤᠯᠭᠠ ᠶᠢᠨ ᠰᠢᠨᠵᠢᠯᠡᠯ | 
            
            
                | Creator | 
                ᠡᠷᠳᠡᠨᠢᠰᠠᠩ | 
            
            
                | Keyword | 
                ᠮᠠᠯᠴᠢᠨᠬᠦᠦ; ᠲᠤᠭᠤᠵᠢᠰ; ᠠᠷᠠᠳ ᠤᠨ ᠳᠠᠭᠤᠤ; ᠰᠤᠶᠤᠯ ᠪᠠᠷᠢᠯᠳᠤᠯᠭᠠ | 
            
            
                | Abstract | 
                ᠮᠠᠯᠴᠢᠨᠬᠦᠦ ᠶᠢᠨ ᠲᠤᠭᠤᠵᠢᠰ ᠪᠦᠲᠦᠭᠡᠯᠭᠡ ᠨᠢ ᠮᠣᠩ᠋ᠭᠤᠯ ᠦᠨᠳᠦᠰᠦᠲᠡᠨ ᠦ ᠤᠯᠠᠮᠵᠢᠯᠠᠯᠲᠤ ᠤᠷᠠᠨ ᠵᠤᠬᠢᠶᠠᠯ ᠲᠠᠢ ᠣᠯᠠᠨ ᠲᠠᠯᠠ ᠶᠢᠨ ᠪᠠᠷᠢᠯᠳᠤᠯᠭᠠ ᠲᠠᠢ ᠪᠠᠢ᠌ᠳᠠᠭ᠃ ᠮᠠᠯᠴᠢᠨᠬᠦᠦ ᠮᠣᠩ᠋ᠭᠤᠯ ᠨᠤᠲᠤᠭ ᠣᠷᠤᠨ ᠳᠤ ᠲᠦᠷᠦᠵᠦ ᠦᠰᠦᠨ᠂ ᠠᠵᠢᠯᠯᠠᠨ ᠠᠮᠢᠳᠤᠷᠠᠭᠰᠠᠭᠠᠷ ᠢᠷᠡᠭᠰᠡᠨ ᠪᠤᠯᠬᠤᠷ ᠮᠣᠩ᠋ᠭᠤᠯ ᠦᠨᠳᠦᠰᠦᠲᠡᠨ ᠦ ᠪᠡᠨ ᠲᠡᠦᠬᠡ ᠰᠤᠶᠤᠯ ᠳᠤ ᠭᠦᠨ ᠣᠢ᠌ᠯᠠᠭᠠᠯᠲᠠ ᠲᠠᠢ ᠪᠦᠭᠡᠳ ᠣᠨᠴᠠ ᠬᠠᠢ᠌ᠷᠠᠲᠠᠢ ᠪᠠᠢ᠌ᠵᠤ᠂ ᠮᠣᠩ᠋ᠭᠤᠯ ᠦᠨᠳᠦᠰᠦᠲᠡᠨ ᠦ ᠤᠯᠠᠮᠵᠢᠯᠠᠯᠲᠤ ᠤᠷᠠᠨ ᠵᠤᠬᠢᠶᠠᠯ ᠳᠤ ᠭᠦᠨ ᠨᠦᠯᠦᠭᠡᠯᠡᠭᠳᠡᠵᠦ᠂ ᠠᠷᠠᠳ ᠤᠨ ᠠᠮᠠᠨ ᠵᠤᠬᠢᠶᠠᠯ ᠤᠨ ᠰᠢᠮᠡ ᠶᠢ ᠦᠯᠡᠮᠵᠢ ᠬᠦᠷᠲᠡᠵᠡᠢ᠃ ᠮᠠᠯᠴᠢᠨᠬᠦᠦ ᠮᠣᠩ᠋ᠭᠤᠯ ᠦᠨᠳᠦᠰᠦᠲᠡᠨ ᠦ ᠤᠯᠠᠮᠵᠢᠯᠠᠯᠲᠤ ᠠᠷᠠᠳ ᠤᠨ ᠳᠠᠭᠤᠤ ᠶᠢ ᠲᠤᠭᠤᠵᠢᠰ ᠪᠦᠲᠦᠭᠡᠯ ᠳᠡᠭᠡᠨ ᠦᠯᠡᠮᠵᠢ ᠣᠯᠠᠨ ᠡᠰᠢᠯᠡᠭᠰᠡᠨ ᠢᠶᠡᠷ ᠲᠡᠭᠦᠨ ᠦ ᠲᠤᠭᠤᠵᠢᠰ ᠪᠦᠲᠦᠭᠡᠯ ᠳᠦᠨᠢ ᠰᠢᠯᠦᠭ ᠦᠨ ᠰᠡᠳᠬᠢᠯᠭᠡ ᠪᠢᠯᠬᠠᠮᠠ ᠪᠦᠭᠡᠳ ᠤᠶᠠᠩ᠋ᠭᠠᠯᠠᠬᠤ ᠪᠠ ᠬᠦᠦᠷᠨᠢᠬᠦ ᠶᠢ ᠤᠶᠠᠯᠳᠤᠭᠤᠯᠤᠭᠰᠠᠨ ᠲᠤᠭᠤᠵᠢᠰ ᠲᠤᠭᠤᠷᠪᠢᠯ ᠤᠨ ᠵᠠᠭᠪᠤᠷ ᠪᠦᠷᠢᠯᠳᠦᠨ ᠲᠤᠭᠲᠠᠪᠤᠷᠢᠵᠢᠵᠠᠢ᠃ | 
            
            
                | Original Literature | 
                
                    
                    View Original Paper
                    
                 | 
            
          
            | 出自 | 
            
              中国蒙古学
              2013年
               第3期
             |