Paper Information


Title ᠮᠤᠩᠭ᠋ᠤᠯ ᠡᠮ ᠨᠠᠢ᠌ᠷᠠᠯᠭ᠎ᠠ ᠶᠢ ᠬᠢᠨᠠᠨ ᠲᠤᠭᠳᠠᠭᠠᠬᠤ ᠪᠠ ᠪᠠᠢ᠌ᠴᠠᠭᠠᠬᠤ ᠲᠤᠷᠰᠢᠯᠳᠠ ᠶᠢᠨ ᠠᠷᠭ᠎ᠠ ᠶᠢᠨ ᠰᠤᠳᠤᠯᠭ᠎ᠠ
Creator ᠳ᠋ᠠᠢ ᠨᠠᠶᠠᠨᠳᠠᠢ; ᠨᠠᠷᠠᠨᠴᠤᠭᠳᠤ; ᠸᠠᠩ ᠴᠢᠩ ᠬᠤ
Keyword ᠮᠤᠩᠭ᠋ᠤᠯ ᠡᠮ ᠨᠠᠢ᠌ᠷᠠᠯᠭ᠎ᠠ; ᠬᠢᠮᠢ ᠹᠢᠽᠢᠺ ᠤᠨ ᠬᠢᠨᠠᠨ ᠲᠤᠭᠳᠠᠭᠠᠬᠤ ᠠᠷᠭ᠎ᠠ; ᠨᠢᠮᠭᠡᠨ ᠲᠠᠪᠬᠤᠷᠭ᠎ᠠ ᠶᠢᠨ ᠦᠩᠭᠡ ᠶᠢᠨ ᠵᠢᠭ᠌ᠰᠠᠯ ᠤᠨ ᠠᠷᠭ᠎ᠠ; ᠬᠢᠨᠠᠨ ᠲᠤᠭᠳᠠᠭᠠᠯᠳᠠ; ᠪᠠᠢ᠌ᠴᠠᠭᠠᠯᠳᠠ
Abstract ᠵᠤᠷᠢᠯᠭ᠎ᠠ᠄ 4 ᠵᠦᠢᠯ ᠤᠨ ᠮᠤᠩᠭ᠋ᠤᠯ ᠡᠮ ᠨᠠᠢ᠌ᠷᠠᠯᠭ᠎ᠠ ᠶᠢ ᠬᠢᠮᠢ - ᠹᠢᠽᠢᠺ ᠤᠨ ᠠᠷᠭ᠎ᠠ ᠪᠡᠷ ᠢᠯᠭᠠᠨ ᠲᠠᠨᠢᠬᠤ᠂ ᠠᠳᠠᠯᠢ ᠪᠤᠰᠤ ᠨᠠᠢ᠌ᠷᠠᠯᠭ᠎ᠠ ᠶᠢᠨ ᠬᠡᠯᠪᠡᠷᠢ ᠲᠠᠢ ᠮᠤᠩᠭ᠋ᠤᠯ ᠡᠮ ᠨᠠᠢ᠌ᠷᠠᠯᠭ᠎ᠠ ᠶᠢᠨ ᠤᠰᠤᠯᠢᠭ ᠪᠦᠷᠢᠯᠳᠦᠬᠦᠨ ᠤ ᠠᠭᠤᠯᠤᠭᠳᠠᠴᠠ ᠶᠢ ᠬᠡᠮᠵᠢᠬᠦ ᠠᠷᠭ᠎ᠠ ᠵᠢᠴᠢ ᠨᠠᠷᠤ -3 ᠳ᠋ᠤ ᠬᠢ ᠪᠤᠩ ᠠ ᠶᠢᠨ ᠠᠮᠢᠳᠤ ᠪᠤᠳᠠᠰ ᠤᠨ ᠱᠦᠯᠳᠦ ᠶᠢ ᠪᠠᠢ᠌ᠴᠠᠭᠠᠬᠤ ᠠᠷᠭ᠎ᠠ ᠶᠢ ᠲᠤᠭᠳᠠᠭᠠᠵᠤ᠂ ᠮᠤᠩᠭ᠋ᠤᠯ ᠡᠮ ᠨᠠᠢ᠌ᠷᠠᠯᠭ᠎ᠠ ᠶᠢ ᠵᠠᠳᠠᠯᠤᠨ ᠰᠢᠨᠵᠢᠯᠡᠬᠦ ᠲᠤᠷᠰᠢᠯᠳᠠ ᠶᠢᠨ ᠵᠢᠭᠠᠨ ᠰᠤᠷᠭᠠᠯᠳᠠ ᠶᠢᠨ ᠠᠭᠤᠯᠭ᠎ᠠ ᠶᠢ ᠪᠠᠶᠠᠯᠢᠭᠵᠢᠭᠤᠯᠤᠨ᠎ᠠ᠃ ᠠᠷᠭ᠎ᠠ᠄ ᠬᠢᠮᠢ - ᠹᠢᠽᠢᠺ ᠤᠨ ᠠᠷᠭ᠎ᠠ ᠪᠤᠯᠤᠨ ᠨᠢᠮᠭᠡᠨ ᠲᠠᠪᠬᠤᠷᠭ᠎ᠠ ᠶᠢᠨ ᠦᠩᠭᠡ ᠶᠢᠨ ᠵᠢᠭ᠌ᠰᠠᠯ ᠤᠨ ᠠᠷᠭ᠎ᠠ ᠪᠡᠷ 4 ᠵᠦᠢᠯ ᠤᠨ ᠮᠤᠩᠭ᠋ᠤᠯ ᠡᠮ ᠨᠠᠢ᠌ᠷᠠᠯᠭ᠎ᠠ ᠶᠢ ᠬᠢᠨᠠᠨ ᠲᠤᠭᠳᠠᠭᠠᠵᠤ᠂ ᠮᠸᠲ᠋ᠢᠯᠳᠦ ᠪᠸᠨ᠋ᠽᠸᠨ ᠤ ᠠᠷᠭ᠎ᠠ ᠪᠡᠷ ᠠᠳᠠᠯᠢ ᠪᠤᠰᠤ ᠨᠠᠢ᠌ᠷᠠᠯᠭ᠎ᠠ ᠶᠢᠨ ᠬᠡᠯᠪᠡᠷᠢᠯᠳᠦ ᠮᠤᠩᠭ᠋ᠤᠯ ᠡᠮ ᠨᠠᠢ᠌ᠷᠠᠯᠭ᠎ᠠ ᠶᠢᠨ ᠤᠰᠤᠯᠢᠭ ᠪᠦᠷᠢᠯᠳᠦᠬᠦᠨ ᠤ ᠠᠭᠤᠯᠤᠭᠳᠠᠴᠠ ᠶᠢ ᠬᠡᠮᠵᠢᠵᠦ᠂ ᠦᠨᠳᠦᠷ ᠠᠰᠢᠭᠯᠠᠮᠵᠢᠳᠤ ᠰᠢᠩᠭᠡᠨ ᠹᠠᠰᠳᠤ ᠦᠩᠭᠡ ᠶᠢᠨ ᠵᠢᠭ᠌ᠰᠠᠯ ᠤᠨ ᠠᠷᠭ᠎ᠠ ᠪᠡᠷ ᠨᠠᠷᠤ - 3 ᠳ᠋ᠤ ᠬᠢ ᠤᠨᠴᠠᠭᠠᠢ ᠬᠤᠯᠢᠴᠠ ᠪᠤᠯᠬᠤ ᠪᠤᠩ ᠠ ᠶᠢᠨ ᠱᠦᠯᠳᠦ ᠶᠢᠨ ᠠᠭᠤᠯᠤᠭᠳᠠᠴᠠ ᠶᠢ ᠨᠢ ᠬᠡᠮᠵᠢᠪᠡ᠃ ᠦᠷ᠎᠎ᠡ ᠳ᠋ᠦᠩ᠄ ᠬᠢᠮᠢ ᠶᠢᠨ ᠠᠷᠭ᠎ᠠ ᠪᠡᠷ ᠴᠠᠭᠠᠨ ᠲᠠᠩ ᠳᠤ ᠬᠢ ᠠᠮᠢᠳᠤ ᠪᠤᠳᠠᠰ ᠤᠨ ᠱᠦᠯᠳᠦ᠂ ᠬᠢᠰᠢᠭᠦᠨ᠎ᠡ - 3 ᠳ᠋ᠤ ᠬᠢ ᠠᠨᠲ᠋ᠷᠡᠭᠦᠢ᠌ᠨᠤᠨ᠂ ᠰᠢᠷ᠎ᠠ ᠲᠠᠩ ᠲᠤ ᠬᠢ ᠹᠸᠨᠤᠯ ᠤᠨ ᠲᠦᠷᠦᠯ ᠬᠢᠭᠡᠳ ᠰᠠᠩᠳᠠᠩ -4 ᠶ᠋ᠢᠨ ᠲᠠᠩ ᠳᠤ ᠬᠢ ᠹᠯᠠᠸᠤᠨ ᠤ ᠲᠦᠷᠦᠯ ᠢ ᠲᠤᠰ ᠲᠤᠰ ᠬᠢᠨᠠᠨ ᠲᠤᠭᠳᠠᠭᠠᠵᠤ᠂ ᠨᠢᠮᠭᠡᠨ ᠲᠠᠪᠬᠤᠷᠭ᠎ᠠ ᠶᠢᠨ ᠦᠩᠭᠡ ᠶᠢᠨ ᠵᠢᠭ᠌ᠰᠠᠯ ᠤᠨ ᠠᠷᠭ᠎ᠠ (TLC) ᠪᠡᠷ 5 ᠵᠦᠢᠯ ᠤᠨ ᠮᠤᠩᠭ᠋ᠤᠯ ᠡᠮ ᠨᠠᠢ᠌ᠷᠠᠯᠭ᠎ᠠ ᠳᠤ ᠬᠢ ᠲᠤᠭᠤᠯ ᠡᠪᠡᠰᠦ᠂ ᠬᠢᠰᠢᠭᠦᠨ᠎ᠡ᠂ ᠵᠦᠷᠦᠷ᠎ᠡ᠂ ᠠᠷᠤᠷ᠎ᠠ᠂ ᠰᠠᠩᠳᠠᠩ ᠪᠤᠯᠤᠨ ᠭᠤᠤᠯᠳᠤ ᠪᠤᠷᠤ ᠶᠢ ᠲᠤᠰ ᠲᠤᠰ ᠬᠢᠨᠠᠨ ᠲᠤᠭᠳᠠᠭᠠᠵᠠᠢ᠃ ᠳ᠋ᠦᠩᠨᠡᠯᠳᠡ᠄ ᠲᠤᠰ ᠰᠤᠳᠤᠯᠭᠠᠨ ᠳᠤ ᠲᠤᠭᠳᠠᠭᠠᠭᠰᠠᠨ ᠲᠤᠷᠰᠢᠯᠳᠠ ᠶᠢᠨ ᠠᠷᠭ᠎ᠠ ᠶᠢ ᠮᠤᠩᠭ᠋ᠤᠯ ᠡᠮ ᠨᠠᠢ᠌ᠷᠠᠯᠭ᠎ᠠ ᠶᠢᠨ ᠵᠠᠳᠠᠯᠤᠯ ᠤᠨ ᠲᠤᠷᠰᠢᠯᠳᠠ ᠶᠢᠨ ᠵᠢᠭᠠᠨ ᠰᠤᠷᠭᠠᠯᠳᠠ ᠳᠤ ᠬᠡᠷᠡᠭᠯᠡᠵᠦ ᠪᠤᠯᠤᠨ᠎ᠠ᠃
Original Literature View Original Paper
出自 内蒙古民族大学学报(蒙医药学) 2014年 第1期

联系我们


内蒙古大学图书馆
呼和浩特市大学西路235号
中国·内蒙古
P: (0471) 4992561
E: huangfeilong@imu.edu.cn