Paper Information


Title ᠣᠳᠣ ᠦᠶ᠎ᠡ ᠶᠢᠨ ᠮᠣᠩ᠋ᠭᠤᠯ ᠤᠷᠠᠨ ᠵᠤᠬᠢᠶᠠᠯ ᠤᠨ ᠠᠮᠢ ᠠᠬᠤᠢ ᠶᠢᠨ ᠤᠳᠬ᠎ᠠ ᠰᠡᠳᠦᠪ ᠦᠨ ᠰᠤᠳᠤᠯᠭᠠᠨ ᠤ ᠲᠦᠯᠦᠪ
Creator ᠪᠡ‍᠂ ᠰᠦᠬᠡ
Keyword ᠣᠳᠣ ᠦᠶ᠎ᠡ; ᠮᠣᠩ᠋ᠭᠤᠯ ᠤᠷᠠᠨ ᠵᠤᠬᠢᠶᠠᠯ; ᠪᠠᠢ᠌ᠭᠠᠯᠢ ᠠᠮᠢ ᠠᠬᠤᠢ
Abstract ᠮᠣᠩ᠋ᠭᠤᠯ ᠤᠷᠠᠨ ᠵᠤᠬᠢᠶᠠᠯ ᠤᠨ ᠡᠬᠡ ᠪᠠᠢ᠌ᠭᠠᠯᠢ ᠠᠮᠢ ᠠᠬᠤᠢ ᠶᠢᠨ ᠤᠳᠬ᠎ᠠ ᠰᠡᠳᠦᠪ ᠨᠢ ᠲᠡᠦᠬᠡᠨ ᠤᠯᠠᠮᠵᠢᠯᠠᠯ ᠲᠠᠢ ᠪᠠᠢ᠌ᠳᠠᠭ᠃ ᠲᠡᠭᠡᠬᠦ ᠳᠡᠭᠡᠨ ᠣᠳᠣ ᠦᠶ᠎ᠡ ᠶᠢᠨ ᠮᠣᠩ᠋ᠭᠤᠯ ᠤᠷᠠᠨ ᠵᠤᠬᠢᠶᠠᠯ ᠳᠤ ᠭᠤᠤᠯᠳᠠᠭᠤ ᠠᠮᠢ ᠠᠬᠤᠢ ᠶᠢᠨ ᠤᠳᠬ᠎ᠠ ᠰᠡᠳᠦᠪ ᠢᠶᠡᠷ ᠭᠤᠤᠯᠯᠠᠬᠤ ᠪᠤᠯᠤᠭᠰᠠᠨ ᠶᠤᠮ᠃ ᠮᠣᠩ᠋ᠭᠤᠯ ᠤᠷᠠᠨ ᠵᠤᠬᠢᠶᠠᠯ ᠰᠤᠳᠤᠯᠭᠠᠨ ᠤ ᠬᠦᠷᠢᠶᠡᠨ ᠳᠦ ᠂ ᠠᠮᠢ ᠠᠬᠤᠢ ᠶᠢᠨ ᠤᠳᠬ᠎ᠠ ᠰᠡᠳᠦᠪ ᠦᠨ ᠲᠤᠬᠠᠢ ᠰᠤᠳᠤᠯᠭᠠᠨ ᠨᠢ ᠶᠡᠬᠡ ᠲᠦᠯᠦᠪ ᠬᠤᠶᠠᠷ ᠱᠠᠲᠤ ᠪᠠᠷ ᠶᠠᠪᠤᠭᠳᠠᠵᠤ ᠢᠷᠡᠵᠡᠢ᠃ 20᠋ ᠳᠤᠭᠠᠷ ᠵᠠᠭᠤᠨ ᠤ 80᠋ ᠌‍ᠭᠠᠳ ᠣᠨ ᠪᠤᠶᠤ 90 ᠋‍ᠭᠡᠳ ᠣᠨ ᠤ ᠦᠶ᠎ᠡ ᠪᠡᠷ ᠬᠢ ᠶᠢ ᠨᠢᠭᠡᠳᠦᠭᠡᠷ ᠱᠠᠲᠤ ᠭᠡᠵᠦ ᠦᠵᠡᠵᠦ ᠪᠤᠯᠤᠨ᠎ᠠ᠃ ᠡᠨᠡ ᠱᠠᠲᠤ ᠳᠤ ᠭᠤᠤᠯᠳᠠᠭᠤ ᠮᠣᠩ᠋ᠭᠤᠯ ᠤᠷᠠᠨ ᠵᠤᠬᠢᠶᠠᠯ ᠳᠠᠬᠢ ᠡᠬᠡ ᠪᠠᠢ᠌ᠭᠠᠯᠢ ᠶᠢᠨ ᠤᠳᠬ᠎ᠠ ᠰᠡᠳᠦᠪ ᠪᠤᠶᠤ ᠡᠬᠡ ᠪᠠᠢ᠌ᠭᠠᠯᠢ ᠶᠢᠨ ᠦᠩᠭᠡ ᠦᠵᠡᠮᠵᠢ ᠶᠢᠨ ᠰᠡᠳᠦᠪᠯᠡᠭᠦᠨ ᠦ ᠲᠤᠬᠠᠢ ᠠᠩ᠋ᠬᠠᠷᠴᠤ ᠪᠠᠢ᠌ᠵᠠᠢ᠃ ᠰᠢᠨ᠎ᠡ ᠵᠠᠭᠤᠨ ᠳᠤ ᠣᠷᠤᠭᠰᠠᠨ ᠤ ᠳᠠᠷᠠᠭ᠎ᠠ᠂ ᠮᠣᠩ᠋ᠭᠤᠯ ᠤᠷᠠᠨ ᠵᠤᠬᠢᠶᠠᠯ ᠤᠨ ᠠᠮᠢ ᠠᠬᠤᠢ ᠶᠢᠨ ᠤᠳᠬ᠎ᠠ ᠰᠡᠳᠦᠪ ᠦᠨ ᠰᠤᠳᠤᠯᠭᠠᠨ ᠨᠢ ᠬᠤᠶᠠᠳᠤᠭᠠᠷ ᠱᠠᠲᠤ — ᠳᠠᠷᠤᠢ ᠬᠦᠭ᠍ᠵᠢᠯᠲᠡ ᠶᠢᠨ ᠱᠠᠲᠤ ᠳᠤ ᠳᠠᠪᠰᠢᠨ ᠣᠷᠤᠵᠠᠢ᠃ ᠡᠨᠡ ᠱᠠᠲᠤ ᠳᠤ ᠡᠨᠡ ᠬᠦ ᠰᠤᠳᠤᠯᠭᠠᠨ ᠨᠢ ᠮᠣᠩ᠋ᠭᠤᠯ ᠤᠷᠠᠨ ᠵᠤᠬᠢᠶᠠᠯ ᠰᠤᠳᠤᠯᠭᠠᠨ ᠤ ᠬᠦᠷᠢᠶᠡᠨ ᠳᠦ ᠨᠢᠭᠡᠨ 《ᠬᠠᠯᠠᠮᠰᠢᠯ》ᠰᠤᠳᠤᠯᠭᠠᠨ ᠪᠤᠯᠵᠤ ᠬᠦᠭ᠍ᠵᠢᠭᠰᠡᠨ ᠮᠦᠷᠲᠡᠭᠡᠨ ᠰᠤᠳᠤᠯᠭᠠᠨ ᠤ ᠴᠢᠭ᠌ ᠨᠢ ᠮᠣᠩ᠋ᠭᠤᠯ ᠤᠷᠠᠨ ᠵᠤᠬᠢᠶᠠᠯ ᠤᠨ ᠡᠬᠡ ᠪᠠᠢ᠌ᠭᠠᠯᠢ᠂ ᠪᠠᠢ᠌ᠭᠠᠯᠢ ᠦᠵᠡᠮᠵᠢ ᠶᠢᠨ ᠰᠡᠳᠦᠪᠯᠡᠭᠦᠨ ᠠᠭᠤᠯᠭ᠎ᠠ ᠳᠤ ᠯᠠ ᠲᠡᠳᠦᠢ ᠦᠭᠡᠢ᠂ ᠬᠠᠷᠢᠨ ᠨᠡᠩ ᠴᠢᠬᠤᠯᠠ ᠨᠢ ᠮᠣᠩ᠋ᠭᠤᠯ ᠤᠷᠠᠨ ᠵᠤᠬᠢᠶᠠᠯ ᠤᠨ ᠠᠮᠢ ᠠᠬᠤᠢ ᠶᠢᠨ ᠤᠳᠬ᠎ᠠ ᠰᠡᠳᠦᠪ ᠲᠡᠢ ᠰᠢᠭᠤᠳ ᠲᠦᠪᠯᠡᠷᠡᠭᠰᠡᠨ ᠶᠤᠮ᠃
Original Literature View Original Paper
出自 中国蒙古学 2014年 第2期

联系我们


内蒙古大学图书馆
呼和浩特市大学西路235号
中国·内蒙古
P: (0471) 4992561
E: huangfeilong@imu.edu.cn