Paper Information


Title 《ᠡᠮᠢᠶᠡᠯ ᠦᠨ ᠱᠠᠰᠢᠨ》— ᠠᠶᠤᠩ᠋ᠭᠠᠨ ᠰᠢᠲᠦᠯᠭᠡ ᠶᠢᠨ ᠰᠤᠳᠤᠯᠤᠯ (ᠨᠢᠭᠡ)
Creator ᠲᠡᠭᠦᠰᠪᠠᠶᠠᠷ
Keyword
Abstract ᠠᠶᠤᠩ᠋ᠭ᠎ᠠ ᠶᠢ ᠳᠡᠯᠡᠬᠡᠢ ᠶᠢᠨ ᠣᠯᠠᠨ ᠦᠨᠳᠦᠰᠦᠲᠡᠨ ᠪᠦᠷ ᠰᠢᠲᠦᠵᠦ ᠪᠠᠢ᠌ᠵᠠᠢ᠃ ᠸᠢᠬᠦ ᠪᠡᠷ ᠡᠷᠲᠡᠨ ᠦ ᠵᠡᠷᠯᠢᠭ᠌᠌ ᠬᠦᠮᠦᠰ ᠠᠩ᠋ᠬ᠎ᠠ ᠠᠶᠤᠩ᠋ᠭ᠎ᠠ ᠶᠢᠨ ᠳᠠᠭᠤᠨ ᠠᠴᠠ ᠰᠦᠷᠳᠡᠭᠰᠡᠨ ᠡᠴᠡ ᠬᠠᠷᠢᠴᠠᠯ ᠤᠨ ᠬᠤᠷᠢᠭ᠎ᠠ ᠴᠡᠭᠡᠷ ᠡᠭᠦᠰᠴᠦ᠂ ᠠᠶᠤᠩ᠋ᠭ᠎ᠠ ᠠᠴᠠ ᠲᠡᠭᠷᠢ ᠰᠠᠬᠢᠭᠤᠯᠰᠤᠨ ᠢ ᠮᠡᠳᠡᠷᠡᠵᠦ ᠰᠢᠲᠦᠵᠦ ᠡᠬᠢᠯᠡᠵᠡᠢ ᠭᠡᠪᠡ᠃ ᠡᠭᠦᠨ ᠢ ᠠᠶᠤᠩ᠋ᠭ ᠠ ᠰᠢᠲᠦᠯᠭᠡ ᠶᠢᠨ ᠰᠡᠳᠬᠢᠴᠡ ᠶᠢᠨ ᠦᠨᠳᠦᠰᠦ — 《ᠡᠮᠢᠶᠡᠯ》᠋ ᠢ ᠦᠭᠦᠯᠡᠵᠡᠢ ᠭᠡᠵᠦ ᠣᠢ᠌ᠯᠠᠭᠠᠵᠤ ᠪᠤᠯᠤᠨ᠎ᠠ᠃ ᠮᠣᠩ᠋ᠭᠤᠯ ᠤᠨ 《ᠠᠶᠤᠩ᠋ᠭ᠎ᠠ ᠰᠢᠲᠦᠯᠭᠡ》ᠨᠢ ᠮᠦᠨ ᠲᠡᠢ᠌ᠮᠦ 《ᠡᠮᠢᠶᠡᠯ》᠋ ᠡᠴᠡ ᠡᠭᠦᠰᠦᠭᠰᠡᠨ ᠶᠤᠮ᠃ ᠨᠦᠬᠦᠭᠡ ᠲᠠᠯ᠎ᠠ ᠪᠠᠷ᠂ ᠮᠣᠩ᠋ᠭᠤᠯᠴᠤᠳ ᠠᠶᠤᠩ᠋ᠭ᠎ᠠ ᠶᠢᠨ ᠳᠠᠭᠤᠨ ᠤ ᠡᠭᠦᠰᠦᠯ ᠢ 《ᠬᠡᠩᠭᠡᠷᠭᠡ ᠳᠡᠯᠡᠳᠬᠦ》ᠲᠡᠢ ᠬᠤᠯᠪᠤᠵᠤ ᠣᠢ᠌ᠯᠠᠭᠠᠵᠤ ᠪᠠᠢ᠌ᠵᠠᠢ᠃ ᠲᠡᠷᠡ ᠣᠢ᠌ᠯᠠᠭᠠᠯᠲᠠ ᠨᠢ ᠬᠢᠲᠠᠳ ᠦᠨᠳᠦᠰᠦᠲᠡᠨ ᠦ ᠬᠢ ᠲᠡᠢ ᠠᠳᠠᠯᠢᠪᠲᠤᠷ ᠪᠠᠢ᠌ᠬᠤ ᠨᠢ ᠰᠤᠶᠤᠯ ᠤᠨ ᠨᠦᠯᠦᠭᠡᠯᠡᠯᠴᠡᠭᠡᠨ ᠪᠤᠯᠤᠨ᠎ᠠ᠃ ᠮᠣᠩ᠋ᠭᠤᠯ ᠳᠤ ᠲᠤᠷ᠂ ᠯᠧᠢ᠌ᠬᠦᠩ ᠰᠢᠭ᠌ ᠲᠤᠰᠬᠠᠢ ᠰᠠᠬᠢᠭᠤᠰᠤ ᠦᠭᠡᠢ ᠪᠤᠯᠪᠠᠴᠤ ᠠᠶᠤᠩ᠋ᠭ᠎ᠠ᠂ ᠴᠠᠬᠢᠯᠭᠠᠨ᠂ ᠭᠢᠯᠪᠠᠭᠠᠨ ᠢ ᠬᠠᠮᠲᠤᠷᠠᠭᠤᠯᠤᠭᠰᠠᠨ 《ᠪᠠᠭᠤᠳᠠᠯ ᠤᠨ ᠲᠡᠭᠷᠢ》ᠭᠡᠵᠦ ᠪᠠᠢ᠌ᠨ᠎ᠠ᠃ ᠪᠠᠭᠤᠳᠠᠯ ᠤᠨ ᠲᠡᠭᠷᠢ ᠪᠤᠯ ᠡᠭᠦᠯᠡ ᠬᠦᠯᠭᠡᠯᠡᠵᠦ ᠨᠤᠮᠤ ᠰᠤᠮᠤ ᠳᠡᠯᠢᠭᠰᠡᠨ ᠪᠠᠢ᠌ᠳᠠᠭ᠃ ᠮᠣᠩ᠋ᠭᠤᠯ ᠳᠤ 《ᠪᠠᠭᠤᠳᠠᠯ ᠤᠨ ᠲᠡᠭᠷᠢ》᠋ ᠶᠢ ᠰᠢᠲᠦᠳᠡᠭ ᠪᠤᠯᠪᠠᠴᠤ ᠲᠡᠭᠦᠨ ᠢ ᠲᠠᠬᠢᠬᠤ ᠲᠤᠰᠬᠠᠢ ᠵᠠᠩ ᠦᠢᠯᠡ ᠭᠡᠵᠦ ᠦᠭᠡᠢ᠃ ᠡᠨᠡ ᠨᠢ ᠮᠣᠩ᠋ᠭᠤᠯ ᠤᠨ ᠠᠶᠤᠩ᠋ᠭᠠᠨ ᠰᠢᠲᠦᠯᠭᠡ ᠨᠢ ᠲᠡᠭᠷᠢ ᠰᠢᠲᠦᠯᠭᠡ ᠶᠢᠨ ᠨᠢᠭᠡ ᠰᠠᠯᠠᠭ᠎ᠠ ᠪᠤᠯᠤᠭᠰᠠᠨ ᠠᠴᠠ ᠲᠤᠰᠬᠠᠢ ᠲᠠᠬᠢᠯᠭ᠎ᠠ ᠦᠭᠡᠢ ᠪᠤᠯᠵᠠᠢ᠃
Original Literature No Original Paper
出自 内蒙古大学学报 1998年 第3期

联系我们


内蒙古大学图书馆
呼和浩特市大学西路235号
中国·内蒙古
P: (0471) 4992561
E: huangfeilong@imu.edu.cn