Abstract |
ᠲᠤᠰ ᠦᠭᠦᠯᠡᠯ ᠳᠦ ᠮᠠᠨ ᠤ ᠤᠯᠤᠰ ᠤᠨ ᠮᠣᠩᠭ᠋ᠤᠯ ᠬᠡᠯᠡᠨ ᠦ ᠪᠠᠷᠢᠮᠵᠢᠶ᠎ᠠ ᠠᠪᠢᠶ᠎ᠠ ᠶᠢ ᠲᠤᠭᠲᠠᠭᠠᠭᠰᠠᠨ ᠠᠴᠠ ᠬᠤᠢ᠌ᠰᠢ ᠨᠡᠢ᠌ᠲᠡᠯᠡᠭᠳᠡᠭᠰᠡᠨ ᠲᠠᠪᠤᠨ ᠴᠢᠬᠤᠯᠠ ᠵᠤᠬᠢᠶᠠᠯ ᠢ ᠬᠠᠷᠢᠴᠠᠭᠤᠯᠤᠨ ᠪᠠᠷᠢᠮᠵᠢᠶ᠎ᠠ ᠠᠪᠢᠶ᠎ᠠ ᠶᠢ ᠴᠢᠨᠠᠭᠰᠢ ᠲᠦᠭᠡᠮᠡᠯᠵᠢᠭᠦᠯᠬᠦ ᠳᠦ ᠰᠠᠭᠠᠳ ᠲᠤᠳᠬᠠᠷ ᠪᠤᠯᠵᠤ ᠪᠠᠢ᠌ᠬᠤ ᠠᠰᠠᠭᠤᠳᠠᠯ ᠤᠳ ᠢ ᠳᠤᠷᠠᠳᠤᠨ ᠭᠠᠷᠭᠠᠵᠠᠢ᠃ ᠪᠠᠷᠢᠮᠵᠢᠶ᠎ᠠ ᠠᠪᠢᠶᠠᠨ ᠤ ᠰᠢᠰᠲ᠋ᠧᠮ ᠦᠨ ᠲᠠᠯ᠎ᠠ ᠪᠠᠷ ᠬᠢ ᠳᠤᠯᠤᠭᠠᠨ ᠵᠤᠢ᠌ᠯ ᠤᠨ ᠠᠰᠠᠭᠤᠳᠠᠯ ᠲᠠᠢ ᠬᠤᠯᠪᠤᠭᠳᠠᠬᠤ ᠠᠳᠠᠯᠢ ᠪᠤᠰᠤ ᠰᠠᠨᠠᠯ ᠤᠳ ᠢ ᠬᠠᠷᠢᠴᠠᠭᠤᠯᠤᠨ ᠦᠵᠡᠭᠦᠯᠪᠡ᠃ ᠪᠠᠰᠠ ᠮᠣᠩᠭ᠋ᠤᠯ ᠬᠡᠯᠡᠨ ᠦ ᠭᠠᠯᠢᠭ ᠤᠨ ᠲᠠᠯ᠎ᠠ ᠪᠠᠷ ᠶᠠᠭᠤᠨ ᠤ ᠡᠮᠦᠨ᠎ᠡ᠂ ᠦᠰᠦᠭ ᠪᠢᠴᠢᠭ᠌ ᠪᠢᠰᠢ᠂ ᠭᠠᠯᠢᠭ ᠪᠠᠢ᠌ᠬᠤ ᠶᠤᠰᠤᠲᠠᠢ ᠭᠡᠳᠡᠭ ᠦᠵᠡᠯᠲᠡ ᠶᠢ ᠳᠤᠷᠠᠳᠴᠤ᠂ ᠭᠠᠯᠢᠭ ᠲᠤ ᠭᠠᠯᠢᠭ ᠬᠠᠲᠠᠬᠤ ᠪᠠ ᠭᠠᠯᠢᠭ ᠲᠤ ᠵᠦᠪ ᠳᠠᠭᠤᠳᠠᠬᠤ ᠳᠦᠷᠢᠮ ᠲᠤᠭᠲᠠᠭᠠᠬᠤ ᠵᠡᠷᠭᠡ ᠬᠡᠪ ᠦᠨ ᠪᠤᠰᠤ ᠦᠵᠡᠭᠳᠡᠯ ᠢ ᠠᠷᠢᠯᠭᠠᠬᠤ ᠬᠡᠷᠡᠭᠲᠡᠢ ᠭᠡᠵᠦ ᠳᠤᠷᠠᠳᠴᠠᠢ᠃ ᠪᠠᠰᠠ᠂ ᠠᠳᠠᠯᠢ ᠪᠤᠰᠤ ᠪᠠᠷ ᠳᠠᠭᠤᠳᠠᠭᠳᠠᠵᠤ ᠪᠠᠢ᠌ᠬᠤ ᠦᠭᠡ ᠶᠢ ᠲᠦᠷᠦᠯ ᠵᠤᠢ᠌ᠯ ᠬᠤᠪᠢᠶᠠᠨ ᠰᠢᠢᠳᠪᠦᠷᠢᠯᠡᠬᠦ ᠲᠤᠬᠠᠢ ᠰᠠᠨᠠᠯ ᠢᠶᠠᠨ ᠭᠠᠷᠭᠠᠪᠠ᠃ ᠪᠠᠷᠢᠮᠵᠢᠶ᠎ᠠ ᠠᠪᠢᠶᠠᠨ ᠤ ᠰᠢᠰᠲ᠋ᠧᠮ᠂ ᠮᠣᠩᠭ᠋ᠤᠯ ᠬᠡᠯᠡᠨ ᠦ ᠭᠠᠯᠢᠭ ᠪᠠ ᠬᠡᠰᠡᠭ ᠦᠭᠡ ᠶᠢᠨ ᠳᠠᠭᠤᠳᠠᠯᠭ᠎ᠠ ᠶᠢᠨ ᠲᠠᠯ᠎ᠠ ᠪᠠᠷ ᠣᠷᠤᠰᠢᠵᠤ ᠪᠠᠢ᠌ᠭ᠎ᠠ ᠠᠰᠠᠭᠤᠳᠠᠯ ᠤᠳ ᠢ ᠨᠢᠭᠡᠲᠦᠯᠲᠡᠢ᠂ ᠵᠦᠢ ᠶᠤᠰᠤᠲᠠᠢ᠂ ᠡᠷᠬᠡ ᠰᠦᠷᠲᠡᠢ ᠵᠠᠰᠠᠭ ᠵᠠᠬᠢᠷᠭᠠᠨ ᠤ ᠬᠦᠴᠦᠨ ᠲᠡᠢ ᠰᠢᠢᠳᠪᠦᠷᠢᠯᠡᠬᠦ ᠶᠢᠨ ᠲᠦᠯᠦᠭᠡ 《ᠮᠣᠩᠭ᠋ᠤᠯ ᠬᠡᠯᠡᠨ ᠤ ᠪᠠᠷᠢᠮᠵᠢᠶ᠎ᠠ ᠠᠪᠢᠶᠠᠨ ᠤ ᠳᠤᠭᠤᠢ᠌ᠯᠠᠩ》 ᠡᠰᠡᠭᠦᠯ᠎ᠡ 《ᠮᠣᠩᠭ᠋ᠤᠯ ᠬᠡᠯᠡᠨ ᠦ ᠳᠠᠭᠤᠳᠠᠯᠭ᠎ᠠ ᠬᠢᠨᠠᠨ ᠲᠤᠭᠲᠠᠭᠠᠬᠤ ᠳᠤᠭᠤᠢ᠌ᠯᠠᠩ》 ᠭᠡᠬᠦ ᠮᠡᠲᠦ ᠪᠠᠢ᠌ᠭᠤᠯᠤᠯᠭ᠎ᠠ ᠪᠠᠢ᠌ᠭᠤᠯᠵᠤ᠂ ᠦᠪᠦᠷ ᠮᠣᠩᠭ᠋ᠤᠯ ᠤᠨ ᠬᠡᠯᠡ ᠪᠢᠴᠢᠭ᠌ ᠦᠨ ᠵᠦᠪᠯᠡᠯ ᠦᠨ ᠤᠳᠤᠷᠢᠳᠤᠯᠭ᠎ᠠ ᠳᠤᠤᠷ᠎ᠠ ᠠᠵᠢᠯᠯᠠᠭᠤᠯᠪᠠᠯ ᠵᠤᠬᠢᠨ᠎ᠠ ᠭᠡᠳᠡᠭ ᠰᠠᠨᠠᠯ ᠳᠡᠪᠰᠢᠭᠦᠯᠵᠡᠢ᠃ |