Paper Information


Title ᠳᠤᠰᠤᠭᠳᠠᠬᠤᠨ ᠭᠡᠰᠢᠭᠦᠨ ᠢ ᠦᠭᠦᠯᠡᠮᠵᠢ ᠨᠦᠯᠦᠭᠡᠯᠡᠬᠦ ᠶᠢᠨ ᠤᠴᠢᠷ
Creator ᠡ‍᠂ ᠪᠤᠶᠠᠨ᠍ᠦ᠌᠌ᠯᠵᠡᠢ
Keyword ᠳᠤᠰᠤᠭᠳᠠᠬᠤᠨ; ᠦᠭᠦᠯᠡᠮᠵᠢ; ᠦᠭᠦᠯᠡᠭᠳᠡᠭᠦᠢ; ᠦᠭᠦᠯᠡᠭᠦᠢ; ᠰᠢᠨ᠎ᠡ ᠮᠡᠳᠡᠭᠡ ᠵᠠᠩᠭᠢ; ᠬᠠᠭᠤᠴᠢᠨ ᠮᠡᠳᠡᠭᠡ ᠵᠠᠩᠭᠢ
Abstract ᠮᠣᠩᠭᠣᠯ ᠬᠡᠯᠡᠨ ᠳᠦ ᠳᠤᠰᠤᠭᠳᠠᠬᠤᠨ ᠢ ᠦᠭᠦᠯᠡᠭᠳᠡᠭᠦᠢ ᠪᠤᠯᠭᠠᠨ ᠦᠭᠦᠯᠡᠪᠦᠷᠢ ᠶᠢᠨ ᠡᠬᠢᠨ ᠳᠦ ᠦᠭᠦᠯᠡᠭᠳᠡᠭᠦᠨ ᠦ ᠡᠮᠦᠨ᠎ᠡ ᠪᠠᠶᠢᠷᠢᠰᠢᠭᠤᠯᠬᠤ ᠦᠵᠡᠭᠳᠡᠯ ᠢ ᠠᠵᠢᠭᠯᠠᠬᠤ ᠳᠠᠭᠠᠨ ᠭᠤᠤᠯᠳᠠᠭᠤ ᠦᠭᠦᠯᠡᠪᠦᠷᠢ ᠵᠦᠢ ᠳᠦ ᠳᠠᠩ ᠦᠭᠦᠯᠡᠪᠦᠷᠢ ᠶᠢ ᠯᠡ ᠲᠤᠭᠲᠠᠩ᠋ᠭᠤᠢ ᠪᠠᠶᠢᠳᠠᠯ ᠳᠤ ᠭᠤᠤᠯᠯᠠᠨ ᠰᠤᠳᠤᠯᠳᠠᠭ ᠠᠷᠭ᠎ᠠ ᠠᠪᠴᠠᠯ ᠢ ᠳᠡᠪᠴᠢᠨ ᠬᠡᠯᠡᠨ ᠦ ᠬᠡᠷᠡᠭᠯᠡᠭᠡᠨ ᠦ ᠡᠭᠦᠳᠡᠨ ᠡᠴᠡ ᠦᠭᠦᠯᠡᠮᠵᠢ ᠶᠢᠨ ᠲᠠᠯ᠎ᠠ ᠠᠴᠠ ᠬᠦᠳᠡᠯᠦᠩᠭᠦᠢ ᠪᠠᠶᠢᠳᠠᠯ ᠳᠤ ᠠᠪᠴᠤ ᠰᠢᠨᠵᠢᠯᠡᠭᠰᠡᠨ ᠶᠤᠮ᠃ ᠢᠩᠭᠢᠭ᠍ᠰᠡᠨ ᠢᠶᠡᠷ ᠮᠣᠩᠭᠣᠯ ᠬᠡᠯᠡᠨ ᠦ ᠳᠤᠰᠤᠭᠳᠠᠬᠤᠨ ᠢ ᠦᠭᠦᠯᠡᠭᠳᠡᠩᠭᠦᠢ ᠪᠤᠯᠭᠠᠨ ᠦᠭᠦᠯᠡᠪᠦᠷᠢ ᠶᠢᠨ ᠡᠬᠢᠨ ᠳᠦ ᠪᠠᠶᠢᠷᠢᠰᠢᠭᠤᠯᠵᠤ ᠢᠯᠡᠳᠭᠡᠬᠦ ᠦᠵᠡᠭᠳᠡᠯ ᠨᠢ᠂ 1. ᠦᠭᠦᠯᠡᠭᠳᠡᠭᠦᠢ ᠪᠤᠯᠭᠠᠬᠤ ᠪᠤᠶᠤ ᠦᠭᠦᠯᠡᠭᠳᠡᠭᠦᠢ ᠶᠢᠨ ᠬᠡᠯᠬᠢᠶ᠎ᠡ ᠶᠢᠨ ᠦᠭᠦᠯᠡᠭᠳᠡᠭᠦᠢ ᠪᠡᠨ ᠨᠢᠭᠡᠲᠦᠯ ᠲᠡᠢ ᠪᠤᠯᠭᠠᠬᠤ ᠪᠠ ᠦᠭᠦᠯᠡᠮᠵᠢ ᠶᠢ ᠬᠡᠯᠪᠡᠷᠢ ᠬᠤᠯᠪᠤᠯᠳᠤᠭᠰᠠᠨ᠂ ᠤᠳᠬ᠎ᠠ ᠠᠪᠴᠠᠯᠳᠤᠭᠰᠠᠨ ᠪᠤᠯᠭᠠᠨ ᠬᠡᠯᠬᠢᠨ ᠬᠤᠯᠪᠤᠬᠤ᠂ 2. ᠦᠭᠦᠯᠡᠮᠵᠢ ᠶᠢᠨ ᠡᠬᠢᠯᠡᠬᠦ ᠦᠭᠦᠯᠡᠪᠦᠷᠢ ᠶᠢᠨ ᠳᠤᠰᠤᠭᠳᠠᠬᠤᠨ ᠨᠢ ᠬᠤᠶᠢᠨᠠᠬᠢ ᠦᠷᠭᠦᠯᠵᠢᠯᠡᠬᠦ ᠦᠭᠦᠯᠡᠪᠦᠷᠢ ᠶᠢᠨ ᠳᠤᠰᠤᠭᠳᠠᠬᠤᠨ ᠢᠶᠠᠨ ᠨᠦᠯᠦᠭᠡᠯᠡᠨ ᠵᠠᠬᠢᠷᠬᠤ᠂ 3. ᠦᠭᠦᠯᠡᠭᠦᠢ ᠪᠡᠨ ᠲᠤᠪᠴᠢ ᠠᠪᠰᠠᠷᠬᠠᠨ ᠪᠤᠯᠭᠠᠵᠤ ᠦᠭᠦᠯᠡᠭᠦᠢ ᠪᠡᠷ ᠢᠯᠡᠷᠡᠬᠦ ᠰᠢᠨ᠎ᠡ ᠮᠡᠳᠡᠭᠡ ᠵᠠᠩᠭᠢ ᠪᠤᠶᠤ ᠭᠤᠤᠯᠯᠠᠬᠤᠢ ᠪᠠᠨ ᠳᠤᠪᠤᠶᠢᠯᠭᠠᠬᠤ ᠵᠡᠷᠭᠡ ᠱᠠᠭᠠᠷᠳᠠᠯᠭ᠎ᠠ ᠠᠴᠠ ᠪᠤᠯᠵᠤ ᠪᠠᠶᠢᠳᠠᠭ ᠢ ᠬᠡᠯᠡᠨ ᠦ ᠬᠡᠷᠡᠭᠯᠡᠭᠡᠨ ᠦ ᠡᠯᠧᠮᠧᠨ᠋ᠲ᠋᠂ ᠦᠭᠦᠯᠡᠮᠵᠢ ᠶᠢᠨ ᠡᠯᠧᠮᠧᠨ᠋ᠲ᠂ ᠦᠭᠦᠯᠡᠭᠴᠢ ᠶᠢᠨ ᠪᠡᠶᠡᠴᠢ ᠣᠪᠣᠷ᠂ ᠬᠡᠯᠡ ᠵᠦᠢ ᠶᠢᠨ ᠡᠯᠧᠮᠧᠨ᠋ᠲ ᠵᠡᠷᠭᠡ ᠤᠯᠠᠨ ᠡᠯᠧᠮᠧᠨ᠋ᠲ ᠲᠡᠢ ᠬᠤᠯᠪᠤᠭᠳᠠᠭᠤᠯᠤᠨ ᠬᠡᠯᠡᠨ ᠦ ᠬᠡᠷᠡᠭᠯᠡᠭᠡᠨ ᠦ ᠲᠠᠯ᠎ᠠ ᠠᠴᠠ᠂ ᠦᠭᠦᠯᠡᠮᠵᠢ ᠶᠢᠨ ᠡᠭᠦᠳᠡᠨ ᠡᠴᠡ ᠬᠦᠳᠡᠯᠦᠩᠭᠦᠢ ᠪᠠᠶᠢᠳᠠᠯ ᠳᠤ ᠰᠢᠨᠵᠢᠯᠡᠨ ᠲᠤᠳᠤᠷᠬᠠᠶᠢᠯᠠᠵᠠᠢ᠃
Original Literature View Original Paper
出自 内蒙古社会科学(蒙文版) 2006年 第3期

联系我们


内蒙古大学图书馆
呼和浩特市大学西路235号
中国·内蒙古
P: (0471) 4992561
E: huangfeilong@imu.edu.cn