Paper Information


Title ᠮᠣᠩᠭ᠋ᠤᠯ ᠬᠡᠯᠡᠨ ᠳᠦ ᠲᠦᠷᠦᠯ ᠢᠵᠠᠭᠤᠷᠲᠤ ᠦᠭᠡ ᠪᠦᠲᠦᠭᠡᠬᠦ ᠠᠷᠭᠠᠰ ᠪᠠᠢ᠌ᠳᠠᠭ ᠤᠨ ᠤᠴᠢᠷ ᠢ ᠨᠡᠭᠡᠭᠡᠨ ᠰᠢᠨᠵᠢᠯᠡᠬᠦ ᠨᠢ
Creator ᠰᠢᠨᠡᠳᠭᠡ
Keyword
Abstract ᠲᠤᠰ ᠦᠭᠦᠯᠡᠯ ᠳᠦ ᠶᠠᠭᠤᠨ ᠤ ᠤᠷᠢᠳᠠ ᠪᠠᠷ᠂ ᠮᠣᠩᠭ᠋ᠤᠯ ᠬᠡᠯᠡᠨ ᠦ ᠠᠪᠢᠶᠠᠨ ᠵᠦᠢ ᠶᠢ ᠠᠪᠢᠶ᠎ᠠ ᠳᠠᠭᠤᠳᠠᠯᠭ᠎ᠠ ᠶᠢᠨ ᠲᠦᠯᠦᠭᠡ ᠯᠡ ᠰᠤᠳᠤᠯᠬᠤ ᠪᠢᠰᠢ᠂ ᠬᠠᠷᠢᠨ ᠦᠭᠡ ᠪᠦᠲᠦᠭᠡᠬᠦ ᠳᠦ ᠠᠪᠢᠶᠠᠨ ᠵᠦᠢ ᠴᠤᠬᠤᠮ ᠬᠡᠯᠪᠡᠷᠢᠵᠢᠭᠦᠯᠬᠦ ᠦᠢᠯᠡᠳᠦᠯ ᠢᠶᠡᠨ ᠬᠡᠷᠬᠢᠨ ᠭᠠᠷᠭᠠᠳᠠᠭ ᠢ ᠵᠤᠩᠭᠢᠯᠠᠨ ᠰᠤᠳᠤᠯᠬᠤ ᠬᠡᠷᠡᠭᠲᠡᠢ ᠶᠢᠨ ᠤᠴᠢᠷ ᠪᠠ ᠮᠣᠩᠭ᠋ᠤᠯ ᠬᠡᠯᠡᠨ ᠦ ᠠᠪᠢᠶ᠎ᠠ ᠵᠤᠬᠢᠴᠠᠬᠤ ᠶᠤᠰᠤᠨ ᠳᠤ ᠦᠭᠡ ᠪᠦᠲᠦᠭᠡᠬᠦ ᠶᠢᠨ ᠦᠢᠯᠡᠳᠦᠯ ᠦᠵᠡᠭᠦᠯᠬᠦ ᠣᠨᠴᠠᠯᠢᠭ ᠪᠤᠢ ᠭᠡᠬᠦ ᠰᠢᠨ᠎ᠡ ᠰᠠᠨᠠᠯ ᠰᠢᠭᠦᠮᠵᠢ ᠭᠠᠷᠭᠠᠪᠠ᠃ ᠳᠠᠷᠠᠭ᠎ᠠ ᠳᠤᠨᠢ᠂ ᠠᠳᠠᠯᠢ ᠢᠵᠠᠭᠤᠷᠲᠤ ᠪᠠ ᠲᠦᠷᠦᠯ ᠢᠵᠠᠭᠤᠷᠲᠤ ᠲᠦᠷᠦᠯ ᠦᠭᠡᠰ ᠪᠦᠲᠦᠭᠡᠬᠦ ᠳᠦ ᠠᠪᠢᠶ᠎ᠠ ᠵᠤᠬᠢᠴᠠᠬᠤ ᠶᠤᠰᠤᠨ ᠤ ᠢᠯᠭᠠᠬᠤ ᠣᠨᠴᠠᠯᠢᠭ ᠨᠢ ᠬᠡᠯᠪᠡᠷᠢᠵᠢᠭᠦᠯᠬᠦ ᠦᠢᠯᠡᠳᠦᠯ ᠢᠶᠡᠨ ᠦᠵᠡᠭᠦᠯᠦᠨ ᠣᠷᠤᠯᠴᠠᠳᠠᠭ ᠭᠡᠬᠦ ᠦᠵᠡᠯ ᠰᠠᠨᠠᠯ ᠢ ᠨᠡᠮᠡᠨ ᠳᠡᠯᠭᠡᠷᠡᠭᠦᠯᠦᠨ ᠳᠤᠷᠠᠳᠪᠠ᠃ ᠡᠴᠦᠰ ᠲᠤᠨᠢ᠂ ᠮᠣᠩᠭ᠋ᠤᠯ ᠬᠡᠯᠡᠨ ᠦ ᠲᠦᠷᠦᠯ ᠢᠵᠠᠭᠤᠷᠲᠤ ᠦᠭᠡ ᠴᠤᠬᠤᠮ ᠠᠳᠠᠯᠢ ᠢᠵᠠᠭᠤᠷᠲᠤ ᠦᠭᠡ ᠡᠴᠡ ᠶᠠᠮᠠᠷ ᠣᠨᠴᠠᠯᠢᠭ ᠢᠯᠭᠠᠭᠠᠳᠠᠢ ᠪᠦᠭᠡᠳ ᠬᠤᠭᠤᠷᠤᠨᠳᠤ ᠪᠠᠨ ᠪᠠᠰᠠ ᠶᠠᠮᠠᠷ ᠬᠤᠯᠪᠤᠭ᠎ᠠ ᠬᠠᠷᠢᠴᠠᠭᠠᠲᠠᠢ ᠪᠠᠢ᠌ᠳᠠᠭ ᠲᠤᠬᠠᠢ ᠰᠢᠨ᠎ᠡ ᠪᠡᠷ ᠨᠡᠭᠡᠭᠡᠴᠡᠯᠡᠨ ᠰᠤᠳᠤᠯᠵᠤ᠂ ᠪᠤᠳᠠᠲᠠᠢ ᠪᠠᠷᠢᠮᠲᠠ ᠵᠢᠱᠢᠶ᠎ᠡ ᠪᠡᠷ ᠨᠤᠲᠠᠯᠠᠨ ᠳ᠋ᠦᠩᠨᠡᠪᠡ᠃
Original Literature No Original Paper
出自 内蒙古大学学报 1993年 第3期

联系我们


内蒙古大学图书馆
呼和浩特市大学西路235号
中国·内蒙古
P: (0471) 4992561
E: huangfeilong@imu.edu.cn