Paper Information


Title ᠳ᠋ᠢᠭᠳᠡ ᠶᠢᠨ ᠡᠬᠢ ᠰᠤᠷᠪᠤᠯᠵᠢ ᠪᠠ ᠲᠦᠷᠦᠯ ᠵᠤᠢᠯ ᠤᠨ ᠲᠤᠬᠠᠢ ᠰᠢᠨᠵᠢᠯᠡᠭᠡ
Creator ᠰᠢᠦᠢ ᠳᠦᠭᠦᠷᠡᠩ; ᠬᠠᠰᠠᠷᠳᠡᠨ᠋ᠢ
Keyword ᠳ᠋ᠢᠭᠳᠡ; ᠡᠬᠢ ᠰᠤᠷᠪᠤᠯᠵᠢ; ᠲᠦᠷᠦᠯ ᠵᠤᠢᠯ; ᠰᠤᠷᠪᠤᠯᠵᠢ ᠪᠢᠴᠢᠭ ᠦᠨ ᠰᠤᠳᠤᠯᠭ᠎ᠠ
Abstract ᠳ᠋ᠢᠭᠳᠡ ᠶᠢᠨ ᠡᠬᠢ ᠰᠤᠷᠪᠤᠯᠵᠢ ᠶᠢ ᠲᠤᠳᠤᠯᠠᠨ ᠡᠮ ᠦᠨ ᠶᠠᠰᠤ ᠴᠢᠨ᠋ᠠᠷ ᠢ ᠳᠡᠭᠡᠭᠰᠢᠯᠡᠭᠦᠯᠬᠦ ᠶᠢᠨ ᠲᠤᠰᠠᠲᠠ᠂ ᠪᠢᠳᠡ ᠡᠮ ᠦᠨ ᠤᠬᠠᠭ᠋ᠠᠨ ᠤ ᠬᠠᠮᠢᠶ ᠠ ᠪᠦᠬᠦᠢ ᠨᠤᠮ ᠰᠤᠳᠤᠷ ᠢ ᠬᠠᠢᠨ ᠰᠢᠨᠵᠢᠯᠡᠵᠦ᠂ ᠣᠳᠣᠬᠢ ᠡᠮᠴᠢᠯᠡᠭᠡᠨ ᠦ ᠪᠤᠳᠠᠲᠤ ᠦᠢᠯᠡᠳᠦᠯᠭᠡ ᠲᠡᠢ ᠤᠶᠠᠯᠳᠤᠭ᠋ᠤᠯᠤᠨ ᠰᠤᠳᠤᠯᠪᠠ᠃ ᠡᠭᠦᠨ ᠦ ᠳ᠋ᠦᠩ ᠳᠦ ᠨᠠᠢᠮᠠᠨ ᠵᠤᠢᠯ ᠤᠨ ᠳ᠋ᠢᠭᠳᠡ ᠪᠤᠢ᠃ ᠲᠡᠳᠡᠭᠡᠷ ᠨᠢ᠂ ᠡᠨ᠋ᠡᠳᠬᠡᠭ ᠳ᠋ᠢᠭᠳᠡ; ᠨᠧᠫᠡᠯ ᠳ᠋ᠢᠭᠳᠡ᠂ ᠡᠭᠦᠨ ᠦ ᠤᠤᠯ ᠤᠷᠭ᠋ᠤᠮᠠᠯ ᠨᠢ ᠨᠧᠫᠡᠯ ᠳ᠋ᠢᠭᠳᠡ᠂ ᠲᠦᠪᠡᠳ ᠳ᠋ᠢᠭᠳᠡ᠂ ᠦᠰᠦᠲᠦ ᠬᠤᠭ᠋ᠤᠯᠠᠢ ᠴᠡᠴᠡᠭ ᠵᠡᠷᠭᠡ ᠭᠤᠷᠪᠠᠨ ᠳᠦᠷᠰᠦ ᠪᠤᠢ; ᠰᠢᠭᠦᠷᠲᠦ ᠳ᠋ᠢᠭᠳᠡ᠂ ᠡᠭᠦᠨ ᠦ ᠤᠤᠯ ᠤᠷᠭ᠋ᠤᠮᠠᠯ ᠨᠢ ᠳᠠᠩᠭ᠋ᠤᠳ ᠰᠢᠭᠦᠷᠲᠦ ᠳ᠋ᠢᠭᠳᠡ᠂ ᠠᠷᠠᠭ᠋ᠠᠲᠤ ᠰᠢᠭᠦᠷᠲᠦ ᠳ᠋ᠢᠭᠳᠡ᠂ ᠵᠢᠵᠢᠭ ᠰᠢᠭᠦᠷᠲᠦ ᠳ᠋ᠢᠭᠳᠡ ᠪᠡ ᠰᠢᠭᠦᠷᠲᠦ ᠳ᠋ᠢᠭᠳᠡ ᠵᠡᠷᠭᠡ ᠳᠦᠷᠪᠡᠨ ᠳᠦᠷᠰᠦ ᠪᠤᠢ; ᠵᠠᠰ ᠳ᠋ᠢᠭᠳᠡ᠂ ᠡᠭᠦᠨ ᠦ ᠤᠤᠯ ᠤᠷᠭ᠋ᠤᠮᠠᠯ ᠨᠢ ᠬᠤᠸᠠᠨ᠋ᠠᠨ ᠵᠦᠯᠭᠡᠨ ᠴᠢᠮᠡᠭ ᠪᠤᠯᠤᠨ᠎ᠠ; ᠲᠡᠮᠦᠷ ᠳ᠋ᠢᠭᠳᠡ ᠳᠦ ᠬᠠᠷ᠎ᠠ ᠴᠠᠭ᠋ᠠᠨ ᠬᠤᠶᠠᠷ ᠵᠤᠢᠯ ᠪᠤᠢ; ᠴᠠᠭ᠋ᠠᠨ ᠲᠡᠮᠦᠷ ᠳ᠋ᠢᠭᠳᠡ ᠶᠢᠨ ᠤᠤᠯ ᠤᠷᠭ᠋ᠤᠮᠠᠯ ᠨᠢ ᠪᠢᠯᠴᠤᠤᠳᠤ ᠳ᠋ᠢᠭᠳᠡ; ᠬᠠᠷ᠎ᠠ ᠲᠡᠮᠦᠷ ᠳ᠋ᠢᠭᠳᠡ ᠶᠢᠨ ᠤᠤᠯ ᠤᠷᠭ᠋ᠤᠮᠠᠯ ᠨᠢ ᠦᠰᠦᠲᠦ ᠲᠡᠮᠦᠷ ᠳ᠋ᠢᠭᠳᠡ᠂ ᠳᠤᠮᠳᠠᠳᠤ ᠶᠢᠨ ᠲᠡᠮᠦᠷ ᠳ᠋ᠢᠭᠳᠡ᠂ ᠦᠷᠭᠡᠨ ᠬᠠᠷ᠎ᠠ ᠲᠡᠮᠦᠷ ᠳ᠋ᠢᠭᠳᠡ ᠵᠡᠷᠭᠡ ᠪᠤᠢ; ᠠᠯᠲᠠᠨ ᠳ᠋ᠢᠭᠳᠡ; ᠮᠦᠩᠭᠦᠨ ᠳ᠋ᠢᠭᠳᠡ᠂ ᠡᠭᠦᠨ ᠦ ᠤᠤᠯ ᠤᠷᠭ᠋ᠤᠮᠠᠯ ᠨᠢ ᠮᠦᠩᠭᠦᠨ ᠳ᠋ᠭᠢᠳᠡ ᠪᠤᠯᠤᠨ ᠠᠴᠠᠲᠤ ᠮᠦᠩᠭᠦᠨ ᠳ᠋ᠢᠭᠳᠡ ᠪᠤᠯᠤᠨ᠎ᠠ; ᠰᠢᠬᠢᠷ᠎ᠡ ᠳ᠋ᠢᠭᠳᠡ ᠶᠢᠨ ᠤᠤᠯ ᠤᠷᠭ᠋ᠤᠮᠠᠯ ᠨᠢ ᠵᠠᠩᠭ᠋ᠤᠷᠲᠤ ᠴᠡᠴᠡᠭ ᠪᠤᠯᠤᠨ᠎ᠠ᠃
Original Literature No Original Paper
出自 内蒙古民族大学学报(自然科学) 2001年 第1期

联系我们


内蒙古大学图书馆
呼和浩特市大学西路235号
中国·内蒙古
P: (0471) 4992561
E: huangfeilong@imu.edu.cn