Title |
ᠳ᠋ᠢᠭᠳᠡ ᠶᠢᠨ ᠡᠬᠢ ᠰᠤᠷᠪᠤᠯᠵᠢ ᠪᠠ ᠲᠦᠷᠦᠯ ᠵᠤᠢᠯ ᠤᠨ ᠲᠤᠬᠠᠢ ᠰᠢᠨᠵᠢᠯᠡᠭᠡ |
Creator |
ᠰᠢᠦᠢ ᠳᠦᠭᠦᠷᠡᠩ; ᠬᠠᠰᠠᠷᠳᠡᠨ᠋ᠢ |
Keyword |
ᠳ᠋ᠢᠭᠳᠡ; ᠡᠬᠢ ᠰᠤᠷᠪᠤᠯᠵᠢ; ᠲᠦᠷᠦᠯ ᠵᠤᠢᠯ; ᠰᠤᠷᠪᠤᠯᠵᠢ ᠪᠢᠴᠢᠭ ᠦᠨ ᠰᠤᠳᠤᠯᠭ᠎ᠠ |
Abstract |
ᠳ᠋ᠢᠭᠳᠡ ᠶᠢᠨ ᠡᠬᠢ ᠰᠤᠷᠪᠤᠯᠵᠢ ᠶᠢ ᠲᠤᠳᠤᠯᠠᠨ ᠡᠮ ᠦᠨ ᠶᠠᠰᠤ ᠴᠢᠨ᠋ᠠᠷ ᠢ ᠳᠡᠭᠡᠭᠰᠢᠯᠡᠭᠦᠯᠬᠦ ᠶᠢᠨ ᠲᠤᠰᠠᠲᠠ᠂ ᠪᠢᠳᠡ ᠡᠮ ᠦᠨ ᠤᠬᠠᠭ᠋ᠠᠨ ᠤ ᠬᠠᠮᠢᠶ ᠠ ᠪᠦᠬᠦᠢ ᠨᠤᠮ ᠰᠤᠳᠤᠷ ᠢ ᠬᠠᠢᠨ ᠰᠢᠨᠵᠢᠯᠡᠵᠦ᠂ ᠣᠳᠣᠬᠢ ᠡᠮᠴᠢᠯᠡᠭᠡᠨ ᠦ ᠪᠤᠳᠠᠲᠤ ᠦᠢᠯᠡᠳᠦᠯᠭᠡ ᠲᠡᠢ ᠤᠶᠠᠯᠳᠤᠭ᠋ᠤᠯᠤᠨ ᠰᠤᠳᠤᠯᠪᠠ᠃ ᠡᠭᠦᠨ ᠦ ᠳ᠋ᠦᠩ ᠳᠦ ᠨᠠᠢᠮᠠᠨ ᠵᠤᠢᠯ ᠤᠨ ᠳ᠋ᠢᠭᠳᠡ ᠪᠤᠢ᠃ ᠲᠡᠳᠡᠭᠡᠷ ᠨᠢ᠂ ᠡᠨ᠋ᠡᠳᠬᠡᠭ ᠳ᠋ᠢᠭᠳᠡ; ᠨᠧᠫᠡᠯ ᠳ᠋ᠢᠭᠳᠡ᠂ ᠡᠭᠦᠨ ᠦ ᠤᠤᠯ ᠤᠷᠭ᠋ᠤᠮᠠᠯ ᠨᠢ ᠨᠧᠫᠡᠯ ᠳ᠋ᠢᠭᠳᠡ᠂ ᠲᠦᠪᠡᠳ ᠳ᠋ᠢᠭᠳᠡ᠂ ᠦᠰᠦᠲᠦ ᠬᠤᠭ᠋ᠤᠯᠠᠢ ᠴᠡᠴᠡᠭ ᠵᠡᠷᠭᠡ ᠭᠤᠷᠪᠠᠨ ᠳᠦᠷᠰᠦ ᠪᠤᠢ; ᠰᠢᠭᠦᠷᠲᠦ ᠳ᠋ᠢᠭᠳᠡ᠂ ᠡᠭᠦᠨ ᠦ ᠤᠤᠯ ᠤᠷᠭ᠋ᠤᠮᠠᠯ ᠨᠢ ᠳᠠᠩᠭ᠋ᠤᠳ ᠰᠢᠭᠦᠷᠲᠦ ᠳ᠋ᠢᠭᠳᠡ᠂ ᠠᠷᠠᠭ᠋ᠠᠲᠤ ᠰᠢᠭᠦᠷᠲᠦ ᠳ᠋ᠢᠭᠳᠡ᠂ ᠵᠢᠵᠢᠭ ᠰᠢᠭᠦᠷᠲᠦ ᠳ᠋ᠢᠭᠳᠡ ᠪᠡ ᠰᠢᠭᠦᠷᠲᠦ ᠳ᠋ᠢᠭᠳᠡ ᠵᠡᠷᠭᠡ ᠳᠦᠷᠪᠡᠨ ᠳᠦᠷᠰᠦ ᠪᠤᠢ; ᠵᠠᠰ ᠳ᠋ᠢᠭᠳᠡ᠂ ᠡᠭᠦᠨ ᠦ ᠤᠤᠯ ᠤᠷᠭ᠋ᠤᠮᠠᠯ ᠨᠢ ᠬᠤᠸᠠᠨ᠋ᠠᠨ ᠵᠦᠯᠭᠡᠨ ᠴᠢᠮᠡᠭ ᠪᠤᠯᠤᠨ᠎ᠠ; ᠲᠡᠮᠦᠷ ᠳ᠋ᠢᠭᠳᠡ ᠳᠦ ᠬᠠᠷ᠎ᠠ ᠴᠠᠭ᠋ᠠᠨ ᠬᠤᠶᠠᠷ ᠵᠤᠢᠯ ᠪᠤᠢ; ᠴᠠᠭ᠋ᠠᠨ ᠲᠡᠮᠦᠷ ᠳ᠋ᠢᠭᠳᠡ ᠶᠢᠨ ᠤᠤᠯ ᠤᠷᠭ᠋ᠤᠮᠠᠯ ᠨᠢ ᠪᠢᠯᠴᠤᠤᠳᠤ ᠳ᠋ᠢᠭᠳᠡ; ᠬᠠᠷ᠎ᠠ ᠲᠡᠮᠦᠷ ᠳ᠋ᠢᠭᠳᠡ ᠶᠢᠨ ᠤᠤᠯ ᠤᠷᠭ᠋ᠤᠮᠠᠯ ᠨᠢ ᠦᠰᠦᠲᠦ ᠲᠡᠮᠦᠷ ᠳ᠋ᠢᠭᠳᠡ᠂ ᠳᠤᠮᠳᠠᠳᠤ ᠶᠢᠨ ᠲᠡᠮᠦᠷ ᠳ᠋ᠢᠭᠳᠡ᠂ ᠦᠷᠭᠡᠨ ᠬᠠᠷ᠎ᠠ ᠲᠡᠮᠦᠷ ᠳ᠋ᠢᠭᠳᠡ ᠵᠡᠷᠭᠡ ᠪᠤᠢ; ᠠᠯᠲᠠᠨ ᠳ᠋ᠢᠭᠳᠡ; ᠮᠦᠩᠭᠦᠨ ᠳ᠋ᠢᠭᠳᠡ᠂ ᠡᠭᠦᠨ ᠦ ᠤᠤᠯ ᠤᠷᠭ᠋ᠤᠮᠠᠯ ᠨᠢ ᠮᠦᠩᠭᠦᠨ ᠳ᠋ᠭᠢᠳᠡ ᠪᠤᠯᠤᠨ ᠠᠴᠠᠲᠤ ᠮᠦᠩᠭᠦᠨ ᠳ᠋ᠢᠭᠳᠡ ᠪᠤᠯᠤᠨ᠎ᠠ; ᠰᠢᠬᠢᠷ᠎ᠡ ᠳ᠋ᠢᠭᠳᠡ ᠶᠢᠨ ᠤᠤᠯ ᠤᠷᠭ᠋ᠤᠮᠠᠯ ᠨᠢ ᠵᠠᠩᠭ᠋ᠤᠷᠲᠤ ᠴᠡᠴᠡᠭ ᠪᠤᠯᠤᠨ᠎ᠠ᠃ |
Original Literature |
No Original Paper
|
出自 |
内蒙古民族大学学报(自然科学)
2001年
第1期
|