Title |
ᠮᠣᠩᠭ᠋ᠤᠯᠴᠤᠳ ᠤᠨ ᠵᠠᠩᠰᠢᠯ ᠰᠣᠶᠣᠯ ᠬᠢᠭᠡᠳ ᠬᠦᠮᠦᠨ ᠪᠠᠢᠭᠠᠯᠢ ᠡᠶ ᠡ ᠵᠣᠬᠢᠴᠠᠨ ᠣᠷᠤᠰᠢᠬᠤ ᠤᠬᠠᠮᠰᠠᠷ |
Creator |
ᠪᠣᠣ ᠰᠠᠷᠠᠨᠴᠢᠮᠠᠭ᠌ |
Keyword |
ᠮᠣᠩᠭ᠋ᠤᠯᠴᠤᠳ; ᠵᠠᠩᠰᠢᠯ ᠰᠣᠶᠣᠯ; ᠬᠦᠮᠦᠨ ᠪᠠᠢᠢᠭᠠᠯᠢ; ᠡᠶ ᠡ ᠵᠣᠬᠢᠴᠠᠯ |
Abstract |
ᠬᠦᠮᠦᠨ ᠬᠦᠮᠦᠨ ᠤ ᠬᠤᠭᠤᠷᠤᠨᠳᠤᠬᠢ᠂ᠬᠦᠮᠦᠨ ᠨᠡᠢᠢᠭᠡᠮ ᠤᠨ ᠬᠤᠭᠤᠷᠤᠨᠳᠤᠬᠢ᠂ ᠬᠦᠮᠦᠨ ᠪᠠᠢᠢᠭᠠᠯᠢ ᠶᠢᠨ ᠬᠤᠭᠤᠷᠤᠨᠳᠤᠬᠢ ᠡᠶ ᠡ ᠵᠣᠬᠢᠴᠠᠯ᠂ ᠬᠠᠷᠢᠯᠴᠠᠨ ᠡᠪ ᠨᠠᠢᠢᠷᠠᠰᠠᠭ ᠣᠷᠤᠰᠢᠬᠤ ᠦᠵᠡᠯ ᠤᠬᠠᠭᠠᠨ ᠢ ᠮᠣᠩᠭ᠋ᠤᠯᠴᠤᠳ ᠠᠯᠢ ᠡᠷᠲᠡᠨ ᠡᠴᠡ ᠠᠩᠬᠠᠷᠴᠤ ᠡᠷᠬᠢᠮᠯᠡᠭᠰᠡᠭᠡᠷ ᠢᠷᠡᠭᠰᠡᠨ ᠶᠣᠮ᠃ ᠮᠣᠩᠭ᠋ᠤᠯᠴᠤᠳ ᠡᠶ ᠡ ᠶᠢᠨ ᠦᠵᠡᠯ ᠢ ᠭᠡᠷ ᠪᠦᠯᠢ᠂ ᠣᠪᠤᠭ ᠠᠢᠢᠮᠠᠭ᠂ ᠴᠠᠭᠠᠰᠢᠯᠠᠨ ᠲᠦᠷᠦ ᠭᠦᠷᠦᠨ ᠤ ᠬᠠᠷᠢᠴᠠᠭ᠋ ᠠ ᠵᠢ ᠰᠢᠢᠳᠪᠦᠷᠢᠯᠡᠬᠦ ᠠᠷᠭ᠋ ᠠ ᠵᠠᠷᠴᠢᠮ ᠪᠣᠯᠭᠠᠭᠰᠠᠨ ᠢᠢᠡᠷ ᠪᠠᠷᠠᠬᠤ ᠦᠭᠡᠢ᠂ ᠨᠨᠡᠩ ᠢᠯᠠᠩᠭ᠋ᠤᠶ ᠠ ᠬᠦᠮᠦᠨ ᠪᠠ ᠪᠠᠢᠢᠭᠠᠯᠢ ᠶᠢᠨ ᠣᠷᠤᠰᠢᠨ ᠬᠦᠭ᠍ᠵᠢᠬᠦ ᠲᠠᠯ ᠠ ᠳᠤ ᠡᠶ ᠡ ᠶᠢᠨ ᠦᠵᠡᠯ ᠢ ᠴᠢᠩᠭ᠋ ᠠ ᠪᠠᠷᠢᠮᠳᠠᠯᠠᠵᠤ᠂ ᠦᠪᠡᠷ ᠤᠨ ᠠᠮᠢᠳᠤᠷᠠᠯ ᠦᠢᠯᠡᠳᠪᠦᠷᠢᠯᠠᠯ ᠤᠨ ᠶᠠᠪᠤᠴᠠ ᠳ᠋ᠤ ᠪᠠᠨ ᠦᠢᠯᠡᠳᠦᠯᠭᠡᠵᠢᠭᠦᠯᠦᠭᠰᠡᠭᠡᠷ ᠢᠷᠡᠵᠡᠢ᠃ ᠦᠭᠦᠯᠡᠯ ᠳᠤ᠂ ᠣᠳᠤᠬᠠᠨ ᠲᠡᠯᠡᠬᠡᠢ ᠲᠠᠶᠠᠭᠠᠷ ᠤᠨ ᠭᠤᠤᠯᠴᠠᠭᠤ ᠠᠩᠬᠠᠷᠴᠤ ᠪᠠᠢᠢᠬ᠋ ᠠ ᠪᠠᠢᠢᠭᠠᠯᠢ ᠣᠷᠴᠢᠨ᠂ᠠᠮᠢ ᠠᠬᠤᠢ ᠶᠢᠨ ᠠᠰᠠᠭᠤᠳᠠᠯ ᠪᠠ ᠮᠠᠨ ᠤ ᠨᠡᠮ ᠤᠨ 《ᠡᠶ ᠡ ᠨᠠᠢᠢᠷᠠᠮᠳᠠᠭᠤ ᠨᠡᠢᠢᠭᠡᠮ》ᠲᠤᠷᠠᠳᠤᠯᠭ᠋ ᠠ ᠶᠢᠨ ᠠᠭᠤᠯᠬ᠋ ᠠ ᠪᠣᠯᠬᠤ 《ᠬᠦᠮᠦᠨ ᠪᠠᠢᠢᠭᠠᠯᠢ ᠡᠶ ᠡ ᠵᠣᠬᠢᠴᠠᠩᠭ᠋ᠤᠢ ᠣᠷᠤᠰᠢᠬᠤ》 ᠦᠵᠡᠯᠲᠡ ᠲᠠᠢ ᠤᠶᠠᠯᠳᠤᠭᠤᠯᠤᠨ᠂ ᠮᠣᠩᠭ᠋ᠤᠯ ᠰᠣᠶᠣᠯ ᠤᠨ ᠬᠦᠮᠦᠨ ᠪᠣᠯᠤᠨ ᠪᠠᠢᠢᠭᠠᠯᠢ ᠡᠶᠡᠯᠳᠦᠨ ᠣᠷᠤᠰᠢᠬᠤ ᠶᠢᠨ ᠰᠢᠯᠢᠳᠡᠭ ᠤᠳᠤᠮᠰᠢᠯ ᠤᠬᠠᠮᠰᠠᠷ ᠢ ᠮᠣᠩᠭ᠋ᠤᠯᠴᠤᠳ ᠤᠨ ᠠᠮᠢᠳᠤᠷᠠᠯ ᠵᠠᠩᠰᠢᠯ ᠡᠴᠡ ᠭᠠᠷᠳᠠᠵᠤ ᠲᠦᠭᠦᠮᠬᠡᠨ ᠦᠭᠦᠯᠡᠬᠦ ᠵᠢ ᠰᠠᠨᠠᠵᠠᠢ᠃ |
Original Literature |
View Original Paper
|
出自 |
内蒙古民族大学学报(社会科学)
2011年
第4期
|