Paper Information


Title ᠰᠣᠶᠣᠯ ᠬᠡᠭᠦ ᠤᠬᠠᠭᠳᠠᠬᠤᠨ ᠵᠢᠴᠢ ᠤᠢᠷᠠᠳ ᠰᠣᠶᠣᠯ ᠤᠨ ᠬᠦᠷᠢᠶ ᠠ ᠬᠡᠪᠴᠢᠶᠡᠨ ᠤ ᠲᠣᠬᠠᠢ
Creator ᠴ•ᠪᠤᠭᠳᠠ
Keyword ᠰᠣᠶᠣᠯ ᠤᠨ ᠤᠬᠠᠭᠳᠠᠬᠤᠨ;ᠤᠢᠷᠠᠳ ᠰᠣᠶᠣᠯ; ᠬᠦᠷᠢᠶ ᠡ ᠬᠡᠪᠴᠢᠶ ᠠ
Abstract ᠦᠭᠦᠯᠡᠯ ᠳ᠋ᠤ ᠰᠣᠶᠣᠯ ᠭᠡᠬᠦ ᠤᠬᠠᠭᠳᠠᠬᠤᠨ ᠤ ᠲᠣᠬᠠᠢ ᠲᠡᠯᠡᠭᠡᠢ ᠳ᠋ᠠᠬᠢᠨ ᠤ ᠭᠤᠤᠯ ᠦᠵᠡᠯᠲᠡ ᠨᠦᠬᠦᠳ ᠢ ᠲᠤᠭᠠᠴᠢᠨ ᠶᠠᠷᠢᠵᠤ᠂ᠰᠣᠶᠣᠯ ᠭᠡᠭᠴᠢ ᠢᠪᠴᠤᠤ ᠤᠳᠬ ᠠ ᠶᠢᠨ ᠰᠢᠨᠵᠢᠯᠡᠭᠡᠨ ᠪᠢᠰᠢ᠂ ᠬᠠᠷᠢᠨ ᠤᠯᠠᠨ ᠵᠦᠢᠯ ᠤᠨ ᠰᠢᠨᠵᠢᠯᠡᠭᠡᠨ ᠢ ᠬᠠᠮᠤᠷᠤᠭᠰᠠᠨ ᠪᠤᠶᠣ ᠰᠢᠨᠵᠢᠯᠡᠭᠡᠨ ᠢ ᠠᠯᠭᠠᠰᠠᠭᠰᠠᠨ ᠦᠵᠡᠭᠳᠡᠯ ᠪᠣᠯᠬᠤ ᠶᠣᠮ᠃ ᠤᠢᠷᠠᠳ ᠰᠣᠶᠣᠯ ᠨᠢ ᠦᠨᠳᠦᠰᠦᠲᠡᠨ ᠤ ᠢᠵᠠᠭᠤᠷ ᠰᠣᠶᠣᠯ ᠤᠨ ᠲᠤᠳᠤᠷᠠᠬᠢ ᠬᠠᠮᠤᠭ ᠤᠨ ᠭᠤᠤᠯ᠂ᠠᠮᠢᠯᠠᠯ ᠤᠨ ᠬᠦᠴᠦᠨ ᠢᠢᠡᠷ ᠴᠢᠩᠭ᠎ᠠ ᠵᠦᠢᠯ ᠢ ᠤᠯᠠᠮᠵᠢᠯᠠᠭᠳᠠᠭᠰᠠᠨ ᠤ ᠲᠠᠠᠭᠤ ᠣᠷᠴᠢᠨ ᠲ᠋ᠡᠬᠢ ᠪᠣᠰᠤᠳ ᠦᠨᠳᠦᠰᠦᠲᠡᠨ ᠤ ᠰᠣᠶᠣᠯ ᠡᠴᠡ ᠰᠢᠮ ᠡ ᠨᠦᠯᠦᠭᠡ ᠬᠦᠷᠲᠡᠭᠰᠡᠨ ᠲᠤᠯᠠ ᠢᠯᠭᠤᠮ ᠲᠤᠳᠤ ᠭᠠᠵᠠᠷ ᠣᠷᠤᠨ ᠤ ᠣᠨᠴᠠᠯᠢᠭ ᠲᠠᠢ ᠪᠣᠯᠤᠭᠰᠠᠨ ᠶᠣᠮ᠂ ᠤᠢᠷᠠᠳ ᠰᠣᠶᠣᠯ ᠤᠨ ᠰᠣᠳᠤᠯᠭᠠᠨ ᠨᠡᠯᠢᠶᠡᠳ ᠦᠷᠭᠡᠨ ᠬᠡᠪᠴᠢᠶ ᠠ ᠵᠢ ᠬᠠᠮᠤᠷᠴᠤ ᠪᠠᠢᠬᠤ ᠶᠣᠮ᠂ ᠤᠳᠤ ᠶᠢᠨ ᠤᠢᠷᠠᠳ ᠰᠣᠶᠣᠯ ᠤᠨ ᠰᠣᠳᠤᠯᠭᠠᠨ ᠤ ᠰᠡᠳᠦᠪ ᠲᠡᠭᠡᠷ ᠡ ᠠᠳᠠᠯᠢ ᠪᠣᠰᠤ ᠮᠡᠷᠭᠡᠵᠢᠯ ᠤᠨ ᠬᠦᠮᠦᠰ ᠤᠨ ᠵᠦᠭ ᠵᠦᠭ ᠡᠴᠡ ᠬᠦᠴᠦ ᠬᠠᠮᠲᠤᠷᠠᠨ ᠠᠵᠢᠯᠯᠠᠵᠤ᠂ᠲᠦᠯᠦᠭᠡᠯᠡᠬᠦ ᠴᠢᠨᠡᠷᠲᠠᠢ ᠪᠦᠲᠦᠭᠡᠯ ᠭᠠᠷᠭᠠᠵᠤ᠂ ᠤᠢᠷᠠᠳ ᠰᠣᠶᠣᠯ ᠤᠨ ᠰᠣᠳᠣᠯᠣᠯ ᠢ ᠨᠡᠩ ᠦᠨᠳᠦᠷ ᠲᠦᠪᠰᠢᠨ ᠳ᠋ᠤ ᠬᠦᠷᠭᠡᠪᠡᠯ ᠵᠣᠬᠢᠨ᠎ᠠ ᠭᠡᠰᠡᠨ ᠰᠠᠨᠠᠭᠤᠯᠭ᠎ ᠠ ᠲᠡᠪᠰᠢᠭᠦᠯᠪᠡ᠃
Original Literature No Original Paper
出自 西部蒙古论坛 2008年 第1期

联系我们


内蒙古大学图书馆
呼和浩特市大学西路235号
中国·内蒙古
P: (0471) 4992561
E: huangfeilong@imu.edu.cn