Paper Information


Title ᠯᠦ ᠶᠢᠦ ᠪᠤᠯᠤᠨ ᠰᠢᠨ ᠴᠢ ᠵᠢᠢ ᠶᠢᠨ《ᠲᠠᠷᠭᠤᠨ ᠮᠤᠷᠢ》 ᠶᠢᠨ ᠲᠤᠬᠠᠢ ᠰᠡᠭᠦᠷᠡᠰᠦᠯᠡᠯ
Creator ᠬᠤᠤ ᠴᠢᠩ ᠶᠦᠨ
Keyword ᠯᠦ ᠶᠢᠦ; ᠰᠢᠨ ᠴᠢ ᠵᠢᠢ; ᠲᠠᠷᠭᠤᠨ ᠮᠤᠷᠢ
Abstract ᠯᠦ ᠶᠢᠦ ᠪᠤᠯᠤᠨ ᠰᠢᠨ ᠴᠢ ᠵᠢᠢ ᠪᠤᠯ ᠪᠦᠷ ᠡᠮᠦᠨᠡᠳᠦ ᠰᠦᠩ ᠤᠯᠤᠰ ᠤᠨ ᠠᠩᠬᠠᠨ ᠤ ᠦᠶ᠎᠎᠎᠎᠎᠎᠎᠎᠎᠎᠎᠎᠎᠎᠎᠎᠎ᠡ ᠶᠢᠨ ᠤᠯᠤᠰ ᠶᠢᠡᠨ ᠬᠠᠢ᠌ᠷᠠᠯᠠᠭᠴᠢ ᠪᠢᠴᠢᠭ᠌ ᠤᠨ ᠬᠦᠮᠦᠰ ᠶᠤᠮ᠃ ᠲᠡᠳᠡᠨ ᠤ ᠠᠯᠳᠠᠨ ᠤᠯᠤᠰ ᠢ ᠡᠰᠡᠷᠭᠦᠴᠡᠬᠦ ᠦᠵᠡᠯᠳᠡ ᠶᠢ ᠲᠦᠷᠦ ᠡᠴᠡ ᠲᠡᠮᠵᠢᠭᠰᠡᠨ ᠦᠭᠡᠢ ᠤᠴᠢᠷ᠂ ᠰᠢᠯᠦᠭ ᠲᠠᠭᠤᠯᠠᠯ ᠤᠨ ᠵᠤᠬᠢᠶᠠᠨ ᠪᠦᠳᠦᠭᠡᠯᠭᠡ ᠳᠤ ᠰᠢᠮᠳᠠᠨ᠂ ᠲᠤᠪᠤᠢ᠌ᠭᠰᠠᠨ ᠦᠷ᠎ᠡ ᠪᠦᠳᠦᠮᠵᠢ ᠤᠯᠤᠭᠰᠠᠨ ᠶᠤᠮ᠃ ᠤᠷᠠᠨ ᠵᠤᠬᠢᠶᠠᠯ ᠤᠨ ᠲᠡᠦᠬᠡᠨ ᠲᠡᠭᠡᠷ᠎ᠡ ᠯᠦ ᠶᠢᠦ ᠪᠤᠯ ᠰᠢᠯᠦᠭ ᠬᠠᠮᠤᠭ ᠤᠯᠠᠨ ᠪᠢᠴᠢᠭ᠍᠍ᠰᠡᠨ ᠪᠢᠴᠢᠭ᠌ ᠤᠨ ᠬᠦᠮᠦᠨ ᠪᠠᠢ᠌ᠵᠤ᠂ ᠰᠢᠨ ᠴᠢ ᠵᠢᠢ ᠨᠢ ᠲᠠᠭᠤᠯᠠᠯ ᠬᠠᠮᠤᠭ ᠠᠷᠪᠢᠨ ᠪᠢᠴᠢᠭ᠍ᠰᠡᠨ ᠪᠢᠴᠢᠭ᠌ ᠤᠨ ᠬᠦᠮᠦᠨ ᠪᠤᠯᠬᠤ ᠶᠤᠮ᠃ ᠵᠤᠬᠢᠶᠠᠨ ᠪᠦᠳᠦᠭᠡᠯᠭᠡ ᠶᠢᠨ ᠲᠠᠯ᠎ᠠ ᠪᠡᠷ ᠦᠨᠦᠬᠢ ᠬᠤᠶᠠᠷ ᠨᠡᠯᠢᠶᠡᠳ ᠯᠤᠠᠨ ᠲᠠᠯ᠎ᠠ ᠪᠡᠷ ᠠᠳᠠᠯᠢᠪᠳᠤᠷ ᠪᠠᠢ᠌ᠳᠠᠭ᠃ ᠲᠤᠬᠠᠢ ᠶᠢᠨ ᠦᠶ᠎ᠡ ᠳᠤ ᠲᠠᠢ᠌ᠰᠤᠨ ᠴᠡᠷᠢᠭ ᠲᠦᠷᠢᠮᠡᠭᠡᠢ᠌ᠯᠡᠵᠦ ᠪᠠᠢ᠌ᠬᠤ ᠳᠤ ᠰᠦᠩ ᠤᠯᠤᠰ ᠤᠨ ᠲᠦᠷᠦ ᠡᠴᠡ ᠬᠠᠷᠢᠨ ᠴᠡᠷᠢᠭ ᠮᠤᠷᠢ ᠶᠢ ᠲᠠᠯᠠᠭᠠᠷ ᠲᠡᠵᠢᠭᠡᠵᠦ ᠪᠠᠢ᠌ᠵᠠᠢ᠃ ᠡᠢ᠌ᠨᠬᠦ ᠲᠡᠳᠡ ᠬᠤᠶᠠᠷ ᠪᠠᠷᠤᠭ ᠨᠢᠭᠡᠯᠡ ᠲᠤᠤᠷ᠎ᠠ 《ᠲᠠᠷᠭᠤᠨ ᠮᠤᠷᠢ》 ᠶᠢᠨ ᠲᠤᠬᠠᠢ ᠤᠶᠠᠩᠭ᠋ᠠᠯᠠᠨ ᠰᠡᠭᠦᠷᠡᠰᠦᠯᠡᠭᠰᠡᠨ ᠶᠤᠮ᠃ ᠦᠭᠦᠯᠡᠯ ᠳᠤ ᠡᠨᠡᠬᠦ ᠬᠤᠶᠠᠷ ᠵᠤᠬᠢᠶᠠᠯ ᠶᠢᠡᠷ ᠬᠠᠷᠠᠭᠠᠰᠤᠯᠠᠵᠤ᠂ ᠯᠦ ᠶᠢᠦ ᠪᠤᠯᠤᠨ ᠰᠢᠨ ᠴᠢ ᠵᠢᠢ ᠶᠢᠨ ᠬᠦᠮᠦᠨ ᠤ ᠠᠮᠢᠳᠤᠷᠠᠯ ᠤᠨ ᠲᠤᠬᠠᠢ ᠠᠳᠠᠯᠢᠪᠳᠤᠷ ᠤᠬᠠᠮᠵᠢ ᠶᠢ ᠰᠤᠳᠤᠯᠬᠤ ᠪᠡᠷ ᠬᠢᠴᠢᠶᠡᠭᠰᠡᠨ ᠶᠤᠮ᠃
Original Literature No Original Paper
出自 内蒙古社会科学(蒙文版) 2002年 第2期

联系我们


内蒙古大学图书馆
呼和浩特市大学西路235号
中国·内蒙古
P: (0471) 4992561
E: huangfeilong@imu.edu.cn