| Title | ᠬᠤᠭᠤᠷᠴᠢ ᠮᠤᠤᠦ᠌ᠬᠢᠨ ᠦ ᠬᠡᠯᠡᠭᠰᠡᠨ 《ᠲᠡᠮᠦᠷ ᠪᠤᠬ ᠠ》᠋ ᠶᠢᠨ ᠪᠢᠴᠢᠭ᠌ ᠤᠨ ᠬᠡᠯᠡᠨ ᠦ ᠲᠸᠺᠰᠲ ᠪᠠ ᠠᠮᠠᠨ ᠶᠠᠷᠢᠶᠠᠨ ᠦ ᠲᠸᠺᠰᠲ ᠤᠨ ᠬᠠᠷᠢᠴᠠᠭᠤᠯᠤᠯ | 
            
                | Creator | ᠴᠤᠭᠲᠤ | 
            
                | Keyword | 《ᠲᠡᠮᠦᠷ ᠪᠤᠬ ᠠ》; ᠪᠢᠴᠢᠭ᠌ ᠤᠨ ᠬᠡᠯᠡᠨ ᠦ ᠲᠸᠺᠰᠲ ; ᠠᠮᠠᠨ ᠶᠠᠷᠢᠶᠠᠨ ᠦ ᠲᠸᠺᠰᠲ | 
            
                | Abstract | ᠬᠤᠭᠤᠷᠴᠢ ᠮᠤᠤᠦ᠌ᠬᠢᠨ ᠦ ᠬᠡᠯᠡᠭᠰᠡᠨ 《ᠲᠡᠮᠦᠷ ᠪᠤᠬ ᠠ》᠋ ᠶᠢᠨ ᠪᠢᠴᠢᠭ᠌ ᠤᠨ ᠬᠡᠯᠡᠨ ᠦ ᠲᠸᠺᠰᠲ ᠪᠠ ᠠᠮᠠᠨ ᠶᠠᠷᠢᠶᠠᠨ ᠦ ᠲᠸᠺᠰᠲ ᠢ ᠬᠠᠷᠢᠴᠠᠭᠤᠯᠤᠨ ᠰᠢᠨᠵᠢᠯᠡᠬᠦ ᠪᠡᠷ ᠳᠠᠮᠵᠢᠨ ᠲᠤᠤᠷᠠᠬᠢ ᠳ᠋ᠦᠩᠨᠡᠯᠲᠠ ᠶᠢ ᠭᠠᠷᠭᠠᠵᠠᠢ᠃ ᠨᠢᠭᠡ  ᠳᠤ᠂  ᠬᠤᠭᠤᠷᠴᠢ ᠮᠤᠤᠦ᠌ᠬᠢᠨ ᠦ ᠬᠡᠯᠡᠭᠰᠡᠨ 《ᠲᠡᠮᠦᠷ ᠪᠤᠬ ᠠ》᠋ ᠶᠢᠨ ᠪᠢᠴᠢᠭ᠌ ᠤᠨ ᠬᠡᠯᠡᠨ ᠦ ᠲᠸᠺᠰᠲ ᠲᠤ ᠪᠢᠴᠢᠭ᠌ ᠤᠨ ᠵᠤᠬᠢᠶᠠᠯ ᠤᠨ ᠬᠡᠯᠡᠨ ᠦ ᠰᠢᠨᠵᠢ ᠢᠯᠡᠷᠬᠡᠢ᠃ ᠬᠠᠷᠢᠨ ᠲᠡᠭᠦᠨ ᠦ ᠠᠮᠠᠨ ᠶᠠᠷᠢᠶᠠᠨ ᠦ ᠲᠸᠺᠰᠲ ᠲᠤᠨᠢ ᠠᠮᠠᠨ ᠶᠠᠷᠢᠶᠠᠨ ᠦ ᠰᠢᠨᠵᠢ ᠲᠤᠳᠤᠷᠬᠠᠢ᠃ ᠬᠤᠶᠠᠷ ᠲᠤ᠂ ᠨᠠ᠂ ᠰᠠᠢ᠌ᠨᠴᠤᠭᠲᠤ ᠵᠡᠷᠭᠡ ᠪᠢᠴᠢᠭᠳᠡᠨ ᠰᠡᠬᠡᠬᠡᠳᠡᠨ ᠮᠤᠤᠦ᠌ᠬᠢᠨ  ᠦ ᠬᠡᠯᠡᠭᠰᠡᠨ 《ᠲᠡᠮᠦᠷ ᠪᠤᠬ ᠠ》ᠵᠡᠷᠭᠡ ᠬᠤᠯᠪᠤᠭᠠ ᠨᠠᠢ᠌ᠷᠠᠭ ᠢ ᠵᠠᠰᠠᠨ ᠨᠠᠢ᠌ᠷᠠᠭᠤᠯᠵᠤ ᠪᠠᠢ᠌ᠭᠰᠠᠨ ᠬᠡᠳᠡᠭ ᠪᠤᠯᠪᠠᠴᠤ ᠦᠬᠡ ᠦᠰᠦᠭ ᠤᠨ ᠲᠠᠯ ᠠ ᠪᠠᠷ ᠵᠠᠰᠠᠵᠤ᠂ ᠰᠡᠳᠦᠪ ᠮᠠᠲ᠋ᠸᠷᠢᠶᠠᠯ ᠲᠤᠷᠠᠳᠤᠨ ᠦᠭᠴᠦ ᠪᠠᠢ᠌ᠭᠰᠠᠨ ᠡᠴᠡ ᠪᠢᠰᠢ᠂ ᠪᠤᠰᠤᠳ ᠶᠡᠬᠡ ᠬᠡᠮᠵᠢᠶᠠᠨ ᠦ ᠨᠡᠮᠡᠯᠲᠡ ᠵᠠᠰᠠᠯᠲᠠ ᠤᠷᠤᠭᠤᠯᠵᠤ ᠪᠠᠢ᠌ᠭᠰᠠᠨ ᠦᠭᠡᠢ᠂ ᠭᠤᠷᠪᠠ ᠳᠤ᠂ ᠬᠤᠭᠤᠷᠴᠢ ᠶᠢᠨ ᠬᠡᠯᠡ ᠶᠠᠷᠢᠶᠠᠨ ᠳᠤ ᠦᠬᠡ ᠶᠢᠨ ᠳᠠᠭᠠᠪᠤᠷᠢ ᠪᠤᠯ ᠬᠠᠮᠤᠭ ᠡᠴᠡ ᠠᠮᠠᠷᠬᠠᠨ ᠬᠤᠪᠢᠷᠠᠳᠠᠭ᠃ ᠲᠦᠷᠪᠡ ᠳᠤ᠂ ᠬᠤᠭᠤᠷᠴᠢ ᠮᠤᠤᠦ᠌ᠬᠢᠨ ᠬᠦᠮᠦᠰ ᠢ ᠰᠤᠴᠢᠭᠠᠮ ᠡ ᠦᠬᠡ ᠬᠡᠯᠡᠨ ᠦ ᠤᠷᠠᠨ ᠠᠪᠢᠶᠠᠰ ᠲᠠᠢ᠃ | 
            
                | Original Literature | View Original Paper | 
          
            | 出自 | 内蒙古社会科学(蒙文版)
              2009年
               第4期 |