Paper Information


Title ᠬᠦᠬᠡ ᠮᠤᠨᠴᠤᠭ ᠬᠡᠯᠡᠨ ᠳᠡᠬᠢ ᠮᠣᠩᠭᠤᠯ ᠵᠢᠭᠡᠯᠡᠯᠭᠡ ᠦᠭᠡ ᠶᠢᠨ ᠲᠤᠬᠠᠢ ᠲᠤᠷᠰᠢᠨ ᠦᠭᠦᠯᠡᠬᠦ ᠨᠢ (ᠨᠢᠭᠡ)
Creator ᠴᠤᠢᠵᠤᠩᠵᠠᠪ
Keyword ᠬᠦᠬᠡ ᠮᠤᠨᠴᠤᠭ ᠬᠡᠯᠡ; ᠮᠣᠩᠭᠤᠯ ᠵᠢᠭᠡᠯᠡᠯᠭᠡ ᠦᠭᠡ; ᠳᠠᠭᠠᠪᠤᠷᠢ; ᠠᠪᠢᠶᠠᠨ ᠤ ᠣᠨᠴᠠᠯᠢᠭ
Abstract ᠬᠦᠬᠡ ᠮᠣᠨᠴᠤᠭ ᠬᠡᠯᠡᠨ ᠳᠡᠬᠢ ᠮᠣᠩᠭᠤᠯ ᠵᠢᠭᠡᠯᠡᠭᠡ ᠦᠭᠡ ᠶᠢ ᠢᠯᠭᠠᠨ ᠭᠠᠷᠭᠠᠬᠤ ᠶᠢᠨ ᠲᠦᠯᠦᠭᠡ ᠪᠢᠳᠡ᠂ ᠶᠠᠭᠤᠨ ᠤ ᠡᠮᠦᠨ᠎ᠡ᠂ ᠦᠭᠡ ᠶᠢᠨ ᠪᠦᠲᠦᠴᠡ ᠶᠢ ᠠᠪᠴᠤ ᠦᠵᠡᠵᠦ᠂ ᠬᠦᠬᠡ ᠮᠣᠨᠴᠤᠭ ᠬᠡᠯᠡᠨ ᠳᠦ ᠬᠡᠷᠡᠭᠯᠡᠭᠳᠡᠵᠦ ᠪᠠᠢᠬᠤ ᠮᠣᠩᠭᠤᠯ ᠬᠡᠯᠡᠨ ᠦ ᠳᠠᠭᠠᠪᠤᠷᠢ ᠶᠢ ᠡᠷᠢᠵᠦ ᠣᠯᠣᠭᠠᠳ ᠵᠠᠳᠠᠯᠤᠯᠲᠠ ᠬᠢᠪᠡ᠃ ᠡᠨᠡ ᠬᠡᠯᠡ ᠪᠤᠯ ᠲᠦᠷᠦᠭ ᠲᠦᠷᠦᠯ ᠦᠨ ᠨᠢᠭᠡ ᠬᠡᠯᠡ ᠪᠦᠭᠡᠳ ᠲᠡᠭᠦᠨ ᠦ ᠦᠭᠡᠰ ᠦᠨ ᠰᠠᠩ ᠳᠤᠲᠤᠷ᠎ᠠ ᠮᠣᠩᠭᠤᠯ ᠬᠡᠯᠡᠨ ᠦ ᠦᠭᠡ ᠲᠡᠢ ᠠᠳᠠᠯᠢ᠂ ᠡᠰᠡᠭᠦᠯ᠎ᠡ᠂ ᠣᠢᠷᠠᠯᠴᠠᠭ᠎ᠠ ᠦᠭᠡ ᠮᠠᠰᠢ ᠣᠯᠠᠨ ᠲᠤᠬᠢᠶᠠᠯᠳᠤᠯ᠎ᠠ᠃ ᠢᠩᠭᠢᠭᠡᠳ ᠮᠣᠩᠭᠤᠯ ᠬᠡᠯᠡᠨ ᠦ ᠦᠭᠡ ᠲᠡᠢ ᠠᠳᠠᠯᠢ᠂ ᠡᠰᠡᠭᠦᠯ᠎ᠡ᠂ ᠣᠢᠷᠠᠯᠴᠠᠭ᠎ᠠ ᠦᠭᠡ ᠨᠦᠬᠦᠳ ᠡᠴᠡ ᠠᠯᠢ ᠨᠢ ᠮᠣᠩᠭᠤᠯ ᠵᠢᠭᠡᠯᠡᠭᠡ ᠦᠭᠡ ᠪᠠᠢᠵᠤ᠂ ᠠᠯᠢ ᠨᠢ ᠬᠦᠬᠡ ᠮᠣᠨᠴᠤᠭ ᠬᠡᠯᠡ ᠪᠡ ᠮᠣᠩᠭᠤᠯ ᠬᠡᠯᠡᠨ ᠦ ᠨᠡᠢᠲᠡ ᠳᠤᠮᠳᠠ ᠶᠢᠨ ᠪᠦᠷᠢᠯᠳᠦᠭᠦᠨ — ᠦᠭᠡᠷ᠎ᠡ ᠪᠡᠷ ᠬᠡᠯᠡᠪᠡᠯ᠂ ᠮᠣᠩᠭᠤᠯ ᠲᠦᠷᠦᠯ ᠦᠨ ᠬᠡᠯᠡ ᠪᠡ ᠲᠦᠷᠦᠭ ᠲᠦᠷᠦᠯ ᠦᠨ ᠬᠡᠯᠡᠨ ᠦ ᠨᠡᠢᠲᠡ ᠳᠤᠮᠳᠠ ᠶᠢᠨ ᠪᠦᠷᠢᠯᠳᠦᠭᠦᠨ ᠪᠤᠯᠬᠤ ᠶᠢ ᠢᠯᠭᠠᠬᠤ ᠬᠡᠷᠡᠭᠴᠡᠭᠡ ᠲᠤᠯᠭᠠᠷᠠᠯ᠎ᠠ᠃
Original Literature No Original Paper
出自 内蒙古大学学报 1981年 第2期

联系我们


内蒙古大学图书馆
呼和浩特市大学西路235号
中国·内蒙古
P: (0471) 4992561
E: huangfeilong@imu.edu.cn