Paper Information


Title ᠠᠯᠠᠱᠠᠨ ᠤ ᠴᠦᠯ ᠣᠷᠤᠨ ᠳᠠᠬᠢ ᠪᠤᠷᠴᠠᠭ ᠤᠨ ᠢᠵᠠᠭᠤᠷ ᠤᠨ ᠬᠡᠭᠡᠷ᠎ᠡ ᠶᠢᠨ ᠤᠷᠭᠤᠮᠠᠯ ᠤᠨ ᠲᠦᠷᠦᠯ ᠵᠤᠢ᠌ᠯ ᠬᠢᠭᠡᠳ ᠲᠡᠭᠦᠨ ᠦ ᠣᠯᠠᠨ ᠬᠡᠷᠡᠭᠴᠡᠭᠡᠲᠦ ᠴᠢᠨᠠᠷ
Creator ᠰᠤᠶᠤᠯᠲᠤ; ᠬᠤᠪᠢᠰᠬᠠᠯᠲᠤ
Keyword ᠠᠯᠠᠱᠠᠨ ᠤ ᠴᠦᠯ; ᠪᠤᠷᠴᠠᠭ ᠤᠨ ᠢᠵᠠᠭᠤᠷ; ᠳᠦᠷᠰ ᠶᠢᠨ ᠣᠯᠠᠨ ᠵᠤᠢ᠌ᠯᠲᠤ ᠴᠢᠨᠠᠷ; ᠬᠡᠷᠡᠭᠴᠡᠭᠡᠨ ᠦ ᠣᠯᠠᠨ ᠵᠤᠢ᠌ᠯᠲᠤ ᠴᠢᠨᠠᠷ
Abstract ᠪᠤᠷᠴᠠᠭ ᠤᠨ ᠢᠵᠠᠭᠤᠷ ᠤᠨ ᠬᠡᠭᠡᠷ᠎ᠡ ᠶᠢᠨ ᠤᠷᠭᠤᠮᠠᠯ ᠨᠢ ᠠᠯᠠᠱᠠᠨ ᠤ ᠴᠦᠯ ᠣᠷᠤᠨ ᠤ ᠤᠷᠭᠤᠮᠠᠯ ᠤᠨ ᠹᠯᠤᠷᠠ ᠳᠤ ᠨᠡᠯᠢᠶᠡᠳ ᠴᠢᠬᠤᠯᠠ ᠪᠠᠢ᠌ᠷᠢ ᠶᠢ ᠡᠵᠡᠯᠡᠵᠦ ᠪᠠᠢ᠌᠌ᠳᠠᠭ᠃ ᠠᠩᠬ᠎ᠠ ᠠᠯᠬᠤᠮ ᠤᠨ ᠪᠦᠷᠢᠳᠭᠡᠯ ᠢ ᠦᠨᠳᠦᠰᠦᠯᠡᠪᠡᠯ᠂ ᠠᠯᠠᠱᠠᠨ ᠤ ᠴᠦᠯ ᠣᠷᠤᠨ ᠳᠤ ᠲᠠᠷᠬᠠᠬᠤ ᠪᠤᠷᠴᠠᠭ ᠤᠨ ᠢᠵᠠᠭᠤᠷ ᠤᠨ ᠬᠡᠭᠡᠷ᠎ᠡ ᠶᠢᠨ ᠤᠷᠭᠤᠮᠠᠯ ᠨᠡᠢ᠌ᠲᠡ 16 ᠲᠦᠷᠥᠯ᠂ 35 ᠳᠦᠷᠰᠦ᠂ 6 ᠬᠤᠪᠢᠷᠠᠮᠠᠯ ᠳᠦᠷᠰᠦ ᠪᠠᠢ᠌ᠵᠤ᠂ ᠦᠪᠦᠷ ᠮᠣᠩ᠋ᠭᠤᠯ ᠤᠨ ᠪᠤᠷᠴᠠᠭ ᠤᠨ ᠢᠵᠠᠭᠤᠷ ᠤᠨ ᠲᠦᠷᠦᠯ ᠦᠨ ᠶᠡᠷᠦᠩᠬᠡᠢᠲᠤᠭᠠᠨ ᠤ 42.1%᠂ ᠳᠦᠷᠰᠦ ᠶᠢᠨ ᠶᠡᠷᠦᠩᠬᠡᠢ ᠲᠤᠭᠠᠨ ᠤ 20.55᠋ ᠶᠢ ᠡᠵᠡᠯᠡᠨ᠎ᠡ᠃ ᠡᠳᠡᠭᠡᠷ ᠤᠷᠭᠤᠮᠠᠯ ᠨᠤᠭᠤᠳ ᠤᠨ ᠳᠤᠲᠤᠷ᠎ᠠ ᠲᠡᠵᠢᠭᠡᠯ ᠦᠨ ᠤᠷᠭᠤᠮᠠᠯ 13 ᠳᠦᠷᠰᠦ᠂ ᠡᠮᠳᠦ ᠤᠷᠭᠤᠮᠠᠯ 10 ᠳᠦᠷᠰᠦ᠂ ᠤᠰᠤ ᠰᠢᠷᠦᠢ ᠲᠤᠭᠲᠠᠭᠠᠬᠤ ᠤᠷᠭᠤᠮᠠᠯ 7 ᠳᠦᠷᠰᠦ᠂ ᠪᠤᠰᠤᠳ ᠬᠡᠷᠡᠭᠴᠡᠭᠡ ᠪᠦᠬᠦᠢ ᠤᠷᠭᠤᠮᠠᠯ 6 ᠳᠦᠷᠰᠦ ᠪᠠᠢ᠌ᠨ᠎ᠠ᠃ ᠦᠭᠦᠯᠡᠯ ᠳᠦ ᠪᠠᠰᠠ ᠠᠯᠠᠱᠠᠨ ᠤ ᠴᠦᠯ ᠣᠷᠤᠨ ᠳᠠᠬᠢ ᠪᠤᠷᠴᠠᠭ ᠤᠨ ᠢᠵᠠᠭᠤᠷ ᠤᠨ ᠬᠡᠭᠡᠷ᠎ᠡ ᠶᠢᠨ ᠤᠷᠭᠤᠮᠠᠯ ᠤᠨ ᠡᠬᠢ ᠪᠠᠶᠠᠯᠭ ᠢ ᠨᠡᠭᠡᠭᠡᠨ ᠠᠰᠢᠭᠯᠠᠬᠤ ᠪᠠ ᠬᠠᠮᠠᠭᠠᠯᠠᠬᠤ ᠲᠤᠬᠠᠢ ᠲᠤᠷᠰᠢᠨ ᠦᠭᠦᠯᠡᠪᠡ᠃
Original Literature View Original Paper
出自 内蒙古师范大学学报(自然科学蒙古文版) 2006年 第1期

联系我们


内蒙古大学图书馆
呼和浩特市大学西路235号
中国·内蒙古
P: (0471) 4992561
E: huangfeilong@imu.edu.cn