Title |
《ᠮᠣᠩᠭ᠋ᠤᠯ ᠤᠨ ᠨᠢᠭᠤᠴᠠ ᠲᠤᠪᠴᠢᠶᠠᠨ》᠋ ᠤ ᠤᠤᠯ ᠡᠬᠡ ᠶᠢᠨ ᠦᠰᠦᠭ ᠪᠢᠴᠢᠭ᠌ ᠦᠨ ᠠᠰᠠᠭᠤᠳᠠᠯ ᠳᠤ — ᠣᠢᠭᠤᠷᠵᠢᠨ ᠮᠣᠩᠭ᠋ᠤᠯ ᠦᠰᠦᠭ ᠦᠨ ᠳᠦᠷᠰᠦ ᠵᠢᠷᠤᠯᠭ᠎ᠠ ᠶᠢᠨ ᠣᠨᠴᠤᠭᠤᠢ ᠵᠢᠱᠢᠶ᠎ᠡ ᠪᠠᠷᠢᠮᠲᠠ |
Creator |
ᠪᠦᠷᠢᠨᠪᠠᠲᠤ |
Keyword |
《ᠮᠣᠩᠭ᠋ᠤᠯ ᠤᠨ ᠨᠢᠭᠤᠴᠠ ᠲᠤᠪᠴᠢᠶᠠᠨ》᠋ |
Abstract |
ᠲᠤᠰ ᠦᠭᠦᠯᠡᠯ ᠳᠦ ᠂ 《ᠮᠣᠩᠭ᠋ᠤᠯ ᠤᠨ ᠨᠢᠭᠤᠴᠠ ᠲᠤᠪᠴᠢᠶᠠᠨ》᠋ ᠤ ᠤᠤᠯ ᠡᠬᠡ ᠨᠢ ᠣᠢ᠌ᠭᠤᠷᠵᠢᠨ ᠮᠣᠩᠭ᠋ᠤᠯ ᠦᠰᠦᠭ ᠢᠶᠡᠷ ᠪᠢᠴᠢᠭᠳᠡᠭᠰᠡᠨ ᠭᠡᠳᠡᠭ ᠢ ᠪᠠᠲᠤᠯᠠᠬᠤ ᠵᠤᠷᠢᠯᠭ᠎ᠠ ᠪᠠᠷ᠂ ᠶᠠᠭᠠᠬᠢᠬᠤ ᠶᠢᠨ ᠠᠷᠭ᠎ᠠ ᠦᠭᠡᠢ ᠯᠡ ᠣᠢ᠌ᠭᠤᠷᠵᠢᠨ ᠮᠣᠩᠭ᠋ᠤᠯ ᠦᠰᠦᠭ ᠲᠠᠢ ᠬᠤᠯᠪᠤᠭᠳᠠᠵᠤ ᠪᠠᠢ᠌ᠨ᠎ᠠ ᠭᠡᠳᠡᠭ ᠡᠴᠡ ᠦᠭᠡᠷ᠎ᠡ ᠲᠠᠢ᠌ᠯᠪᠤᠷᠢᠯᠠᠬᠤ ᠪᠤᠯᠤᠮᠵᠢ ᠪᠠᠢ᠌ᠵᠤ ᠪᠤᠯᠤᠰᠢ ᠦᠭᠡᠢ ᠵᠢᠱᠢᠶ᠎ᠡ ᠨᠦᠬᠦᠳ ᠢ ᠨᠠᠷᠢᠯᠢᠭ ᠵᠠᠳᠠᠯᠤᠨ ᠦᠭᠦᠯᠡᠵᠦ ᠦᠰᠦᠭ ᠪᠢᠴᠢᠭ᠌ ᠦᠨ ᠤᠬᠠᠭᠠᠨ ᠤ ᠪᠠᠷᠢᠮᠲᠠ ᠭᠠᠷᠭᠠᠭᠰᠠᠨ ᠪᠠᠢ᠌ᠨ᠎ᠠ᠃ 《ᠲᠤᠪᠴᠢᠶᠠᠨ》᠋ ᠤ ᠬᠢᠲᠠᠳ ᠭᠠᠯᠢᠭᠯᠠᠯ ᠳᠠᠬᠢ 《ᠬᠡᠯᠡᠯ᠎ᠡ》᠋ ᠶᠢ 《ᠬᠡᠯᠡᠭᠡᠨ》᠂ 《ᠮᠦᠩᠭᠦᠷ》᠋ ᠢ 《ᠮᠦᠩᠯᠡᠢ》 ᠭᠡᠰᠡᠨ ᠡᠨᠳᠡᠭᠦᠷᠡᠯ; 《ᠲᠤᠪᠴᠢᠶᠠᠨ》᠋ ᠤ ᠬᠢᠲᠠᠳ ᠭᠠᠯᠢᠭᠯᠠᠯ ᠪᠠ 《ᠠᠯᠲᠠᠨ ᠲᠤᠪᠴᠢ》᠋ ᠶᠢᠨ ᠬᠠᠷᠢᠴᠠᠭᠤᠯᠤᠯ ᠠᠴᠠ ᠣᠯᠵᠤ ᠪᠤᠯᠬᠤ 《ᠦᠳᠳᠡᠷᠯᠡᠨ — ᠦᠳᠳᠡᠷᠭᠡᠨ》᠂ 《ᠢᠯᠴᠢᠯᠡᠯᠲᠦᠨ — ᠢᠭᠡᠴᠡᠯᠡᠯᠲᠦᠨ》᠂ 《ᠰᠢᠯᠦᠭᠡᠯᠵᠢᠳ — ᠰᠢᠯᠭᠡᠭ᠍ᠴᠢᠳ》᠂ 《ᠳᠠᠪᠠᠨ — ᠳᠠᠯ᠎ᠠ》 ᠭᠡᠬᠦ ᠵᠦᠷᠢᠶᠡᠨ ᠨᠢ ᠣᠢ᠌ᠭᠤᠷᠵᠢᠨ ᠮᠣᠩᠭ᠋ᠤᠯ ᠦᠰᠦᠭ ᠦᠨ ᠳᠦᠷᠰᠦ ᠵᠢᠷᠤᠯᠭ᠎ᠠ ᠶᠢᠨ ᠰᠤᠨᠢᠬᠠᠨ ᠪᠤᠶᠤ ᠣᠨᠴᠤᠭᠤᠢ ᠪᠢᠴᠢᠭᠳᠡᠭᠰᠡᠨ ᠡᠴᠡ ᠪᠤᠯᠤᠭᠰᠠᠨ ᠶᠤᠮ ᠭᠡᠳᠡᠭ ᠦᠵᠡᠯᠲᠡ ᠶᠢ ᠳᠡᠪᠰᠢᠭᠦᠯᠵᠡᠢ᠃ |
Original Literature |
No Original Paper
|
出自 |
内蒙古大学学报
1996年
第3期
|