Paper Information


Title ᠮᠣᠩᠭᠤᠯ ᠬᠡᠯᠡᠨ ᠤ ᠲᠡᠮᠳᠡᠭ ᠨᠡᠷ ᠡ ᠶᠢᠨ ᠤᠷᠠᠨ ᠵᠠᠢ ᠶᠢᠨ ᠰᠢᠨᠵᠢ ᠶᠢᠨ ᠲᠣᠬᠠᠢ
Creator ᠴᠣᠯᠮᠤᠨ; ᠪᠠᠲᠤᠭᠡᠷᠡᠯ
Keyword ᠮᠣᠩᠭᠤᠯ ᠬᠡᠯᠡ;ᠲᠡᠮᠳᠡᠭ ᠨᠡᠷ ᠡ ᠦᠭᠡ; ᠤᠷᠤᠨ ᠵᠠᠢ ᠶᠢᠨ ᠰᠢᠨᠵᠢ
Abstract ᠮᠣᠩᠭᠤᠯ ᠬᠡᠯᠡᠨ ᠤ ᠲᠡᠮᠳᠡᠭ ᠨᠡᠷ ᠡ ᠨᠢ ᠬᠦᠮᠦᠨ ᠠᠮᠢᠲᠠᠨ᠂ ᠭᠡᠷᠡᠭ ᠶᠠᠭᠤᠮ ᠠ ᠶᠢᠨ ᠰᠢᠨᠵᠢ ᠴᠢᠨᠠᠷ᠂ ᠪᠡᠯᠭᠡ ᠲᠡᠮᠳᠡᠭ᠂ ᠤᠨᠴᠠᠯᠢᠭ; ᠦᠢᠯᠡ ᠬᠦᠳᠡᠯᠭᠡᠭᠡᠨ ᠤ ᠪᠣᠯᠬᠤ ᠣᠨᠴᠠᠯᠢᠭ ᠰᠢᠨᠵᠢ᠂ ᠬᠢᠷᠢ ᠬᠡᠮᠵᠢᠶ ᠠ ᠵᠢ ᠵᠢᠭᠠᠬᠤ ᠳ᠋ᠤ ᠪᠠᠨ ᠬᠠᠷᠢᠴᠠᠭᠤᠯᠬᠤ ᠠᠢ ᠪᠡᠷ ᠬᠤᠪᠢᠯᠳᠠᠭ ᠪᠦᠭᠡᠳ ᠦᠭᠦᠯᠡᠪᠦᠷᠢ ᠳ᠋ᠤ ᠵᠢᠩᠬᠢᠨᠢ ᠨᠡᠷ ᠡ ᠶᠢᠨ ᠡᠮᠦᠨ᠎ᠠ ᠲᠤᠳᠤᠳᠬᠠᠯ ᠭᠡᠰᠢᠬᠦᠨ ᠪᠣᠯᠵᠤ᠂ ᠦᠢᠯᠡ ᠦᠭᠡ ᠶᠢᠨ ᠡᠮᠦᠨ᠎ᠠ ᠲᠤᠳᠤᠳᠬᠠᠯ ᠬᠡᠰᠢᠬᠦᠨ ᠪᠣᠯᠵᠤ ᠦᠢᠯᠡ ᠦᠭᠡ ᠶᠢᠨ ᠡᠮᠦᠨ᠎ᠠ ᠪᠠᠢᠴᠠ ᠭᠡᠰᠢᠬᠦᠨ ᠪᠣᠯᠳᠠᠭ᠃ ᠲᠠᠷᠤᠢ ᠲᠤᠭᠲᠠᠩᠬᠢ ᠰᠢᠨᠵᠢ ᠶᠢᠨ ᠬᠤᠪᠢ ᠳ᠋ᠤ ᠲᠡᠮᠳᠡᠭ ᠨᠡᠷ ᠡ ᠨᠢ ᠵᠢᠩᠬᠢᠨᠢ ᠨᠡᠷ ᠡ ᠵᠢ ᠪᠣᠰᠤᠳ ᠨᠡᠷ ᠡ ᠡᠴᠡ ᠢᠯᠭᠠᠬᠤ ᠲᠦᠷᠦᠯᠬᠢ ᠰᠢᠨᠵᠢ ᠲᠠᠢ ᠪᠠᠢᠳᠠᠭ ᠪᠣᠯᠪᠠᠴᠤ ᠬᠦᠳᠡᠯᠦᠩᠬᠢ ᠰᠢᠨᠵᠢ ᠶᠢᠨ ᠬᠤᠪᠢ ᠳ᠋ᠤ ᠵᠢᠩᠬᠢᠨᠢ ᠨᠡᠷ ᠡ ᠲᠠᠢ ᠠᠳᠠᠯᠢ ᠤᠷᠤᠨ ᠵᠠᠢ ᠶᠢᠨ ᠰᠢᠨᠵᠢ ᠲᠠᠢ ᠪᠦᠭᠡᠳ ᠦᠢᠯᠡ ᠦᠭᠡ ᠲᠠᠢ ᠠᠳᠠᠯᠢ ᠴᠠᠬᠲᠤ ᠰᠢᠨᠵᠢ ᠶᠢᠨ ᠣᠨᠴᠠᠯᠢᠭ ᠲᠠᠢ ᠪᠣᠯᠬᠤ ᠨᠢ ᠦᠪᠡᠷᠮᠢᠴᠡ ᠪᠠᠢᠭ᠎ᠠ ᠶᠣᠮ᠃ ᠡᠭᠦᠨ ᠳ᠋ᠤ ᠮᠢᠨᠦ ᠪᠡᠶ ᠠ ᠮᠣᠩᠭᠤᠯ ᠬᠡᠯᠡᠨ ᠤ ᠲᠡᠮᠳᠡᠭ ᠨᠡᠷ ᠡ ᠶᠢᠨ ᠤᠷᠤᠨ ᠵᠠᠢ ᠶᠢᠨ ᠰᠢᠨᠵᠢ ᠶᠢᠨ ᠲᠤᠬᠠᠢ ᠶᠠᠷᠢᠵᠤ᠂ ᠲᠡᠭᠦᠨ ᠤ ᠲᠣᠬᠠᠢ ᠰᠣᠳᠤᠯᠭᠠᠨ ᠤ ᠪᠠᠢᠳᠠᠯ᠂ ᠪᠦᠷᠢᠯᠳᠦᠯ ᠤᠨ ᠤᠴᠢᠷ ᠪᠠ ᠪᠣᠰᠤᠳ ᠰᠢᠨᠵᠢ ᠡᠴᠡ ᠢᠯᠠᠭᠠᠷᠠᠬᠤ ᠶᠢᠨ ᠲᠣᠬᠠᠢ ᠶᠠᠷᠢᠬᠤ ᠭᠡᠵᠦ ᠪᠣᠳᠤᠵᠤ ᠪᠠᠢᠨ᠎ᠠ᠃
Original Literature View Original Paper
出自 赤峰学院学报(蒙文哲学社会科学版) 2016年 第5期

联系我们


内蒙古大学图书馆
呼和浩特市大学西路235号
中国·内蒙古
P: (0471) 4992561
E: huangfeilong@imu.edu.cn