Paper Information


Title ᠬᠤᠷᠢᠴᠨ ᠠᠮᠠᠨ ᠠᠶᠠᠯᠭ᠋ᠤᠨ ᠳ᠋ᠡᠬᠢ ᠪᠤᠷᠬᠠᠨ ᠱᠠᠰᠢᠨ ᠤ ᠵᠠᠩ ᠦᠢᠯᠡ ᠲᠠᠢ ᠬᠤᠯᠪᠤᠭᠳᠠᠬᠤ ᠦᠭᠡᠰ ᠤᠨ ᠰᠤᠶᠤᠯ ᠤᠨ ᠠᠭ᠋ᠤᠯᠤᠭᠳᠠᠬᠤᠨ
Creator ᠰᠤᠶᠤᠯ
Keyword ᠬᠤᠷᠴᠢᠨ ᠠᠮᠠᠨ ᠠᠶᠠᠯᠭ᠋ᠤ; ᠪᠤᠷᠬᠠᠨ ᠱᠠᠰᠢᠨ; ᠵᠠᠩ ᠦᠢᠯᠡ; ᠰᠤᠶᠤᠯ ᠤᠨ ᠠᠭ᠋ᠤᠯᠤᠭᠳᠠᠬᠤᠨ
Abstract ᠬᠤᠷᠴᠢᠨ ᠨᠤᠳᠤᠭ ᠲᠤ ᠪᠤᠷᠭᠠᠨ ᠱᠠᠰᠢᠨ ᠲᠠᠯᠭᠡᠷᠡᠬᠦ ᠵᠢ ᠲᠠᠭ᠋ᠠᠯᠳᠤᠨ ᠪᠤᠷᠭᠠᠨ ᠱᠠᠰᠢᠨ ᠤ ᠵᠠᠩ ᠦᠢᠯᠡ ᠯᠤᠭᠡ ᠬᠤᠯᠪᠤᠭᠳᠠᠯᠳᠡᠢ ᠨᠢᠭᠡ ᠪᠦᠯᠦᠭ ᠦᠭᠡᠰ ᠬᠤᠷᠴᠢᠨ ᠠᠮᠠᠨ ᠠᠶᠠᠯᠭ᠋ᠤᠨ ᠤ ᠦᠭᠡᠰ ᠤᠨ ᠰᠠᠨᠩ ᠳᠤ ᠤᠷᠤᠵᠦ ᠢᠷᠡᠭᠰᠡᠨ ᠪᠠᠢᠨ᠎ᠠ᠃ ᠡᠨ᠋ᠡ ᠨᠢ ᠭᠤᠤᠯᠳᠠᠬ᠋ᠤ ᠬᠤᠷᠴᠢᠨ ᠨᠤᠳᠤᠭ ᠤᠨ ᠭᠠᠵᠠᠷ ᠤᠨ ᠨᠠᠷ᠎ᠡ᠂ ᠬᠤᠷᠴᠢᠨ ᠮᠤᠩᠭᠤᠯᠴᠤᠳ ᠤᠨ ᠬᠦᠮᠦᠨ ᠤ ᠨᠠᠷ᠎ᠡ ᠪᠡ ᠪᠤᠷᠭᠠᠨ ᠱᠠᠰᠢᠨ ᠤ ᠵᠠᠩ ᠦᠢᠯᠡ ᠲᠠᠢ ᠬᠤᠯᠪᠤᠭᠳᠠᠬᠤ ᠦᠪᠡᠷᠮᠢᠴᠡ ᠦᠭᠡᠰ ᠤᠨ ᠡᠬᠦᠰᠤᠯ ᠪᠦᠷᠢᠯᠳᠤᠯ ᠵᠢᠴᠢ ᠲᠡᠳᠡᠭᠡᠷ ᠤᠨ ᠤᠳᠬ᠎ᠠ ᠬᠡᠷᠭᠯᠡᠭᠡᠨ ᠤ ᠲᠠᠯ᠎ᠠ ᠲᠡᠭᠡᠷ᠎ᠡ ᠲᠤᠰᠬᠠᠯ ᠶᠢᠡᠨ ᠤᠯᠵᠦ ᠪᠠᠢᠳᠠᠭ᠃ ᠲᠡᠭᠡᠬᠦ ᠳ᠋ᠡᠭᠡᠨ ᠪᠤᠷᠭᠠᠨ ᠱᠠᠰᠢᠨ ᠤ ᠵᠠᠩ ᠦᠢᠯᠡ ᠨᠢ ᠬᠤᠷᠴᠢᠨᠴᠤᠳ ᠤᠨ ᠡᠳᠤᠷ ᠲᠤᠳᠤᠮ ᠤᠨ ᠠᠮᠢᠳᠤᠷᠠᠯ ᠡᠴᠨ ᠦᠵᠡᠯ ᠰᠨ᠋ᠠᠭ᠋ᠠᠨ ᠤ ᠭᠦᠨ ᠲᠠᠪᠬᠤᠷᠭ᠎ᠠ ᠬᠦᠷᠳᠡᠯ᠎ᠠ ᠬᠦᠨ ᠨᠦᠯᠦᠭᠡᠯᠡᠭᠰᠡᠨ ᠲᠡᠳᠤᠢ ᠦᠭᠡᠢ᠂ ᠬᠤᠷᠴᠢᠨᠴᠤᠳ ᠤᠨ ᠦᠪᠡᠷᠮᠢᠴᠡ ᠠᠵᠦ ᠠᠬᠤᠢ᠂ ᠠᠮᠢᠳᠤᠷᠠᠯ ᠤᠨ ᠬᠡᠯᠪᠡᠷᠢ ᠡᠴᠨ ᠪᠤᠯᠵᠦ᠂ ᠤᠷᠤᠨ ᠨᠤᠳᠤᠭ ᠤᠨ ᠤᠨᠴᠠᠯᠢᠭ ᠲᠠᠢ ᠪᠡᠷ ᠤᠯᠠᠮᠵᠢᠯᠠᠭᠳᠠᠨ ᠰᠢᠨ᠋ᠡᠴᠢᠯᠡᠭᠳᠡᠵᠦ᠂ ᠦᠭᠡ ᠬᠡᠯᠡ ᠳ᠋ᠡᠬᠢ ᠲᠤᠰᠬᠠᠯ ᠨᠢ ᠦᠭᠡᠷ᠎ᠡ ᠪᠤᠰᠤᠳ ᠠᠶᠠᠯᠬ᠋ᠤ ᠠᠮᠠᠨ ᠠᠶᠠᠯᠭ᠋ᠤᠨ ᠡᠴᠨ ᠢᠯᠡᠳᠳᠡ ᠢᠯᠭ᠋ᠠᠭ᠎ᠠ ᠲᠠᠢ ᠪᠤᠯᠤᠭᠰᠠᠨ ᠪᠠᠢᠨ᠎ᠠ᠃ ᠦᠭᠦᠯᠡᠯ ᠳᠤ ᠬᠤᠷᠢᠴᠨ ᠠᠮᠠᠨ ᠠᠶᠠᠯᠭ᠋ᠤᠨ ᠤ ᠤᠷᠤᠨ ᠳ᠋ᠡᠬᠢ ᠬᠡᠭᠡᠷ᠎ᠡ ᠶᠢᠨ ᠪᠠᠢᠴᠠᠭ᠋ᠯᠳᠠ ᠶᠢᠨ ᠮᠠᠲ᠋ᠸᠷᠢᠶᠠᠯ ᠳᠤ ᠰᠠᠭ᠋ᠤᠷᠢᠯᠠᠵᠦ᠂ ᠡᠳᠡᠭᠡᠷ ᠦᠭᠡᠰ ᠢ ᠤᠳᠬ᠎ᠠ ᠶᠢᠨ ᠬᠤᠪᠢᠰᠤᠯ ᠬᠦᠭᠵᠢᠯ ᠡᠴᠨ ᠭᠠᠷᠳᠡᠨ ᠰᠢᠨᠵᠢᠯᠡᠵᠦ ᠂ ᠤᠳᠤ ᠶᠢᠨ ᠬᠡᠷᠡᠭᠯᠡᠭᠡᠨ ᠤ ᠪᠠᠢᠳᠠᠯ ᠪᠡ ᠰᠤᠶᠤᠯ ᠤᠨ ᠠᠭ᠋ᠤᠯᠤᠭᠳᠠᠬᠤᠨ ᠢ ᠲᠤᠳᠤᠷᠬᠠᠢᠯᠠᠬᠤ  ᠵᠢ ᠵᠤᠷᠢᠪᠠ᠃
Original Literature View Original Paper
出自 中国蒙古学 2014年 第4期

联系我们


内蒙古大学图书馆
呼和浩特市大学西路235号
中国·内蒙古
P: (0471) 4992561
E: huangfeilong@imu.edu.cn