Paper Information


Title ᠠᠷᠪᠠ ᠶᠢᠰᠦᠳᠦᠭᠡᠷ ᠵᠠᠭᠤᠨ ᠤ ᠦᠶ ᠡ ᠶᠢᠨ ᠮᠣᠩᠭᠤᠯ ᠵᠣᠬᠢᠶᠠᠯᠴᠢᠳ ᠤᠨ ᠲᠢᠭ ᠮᠠᠶᠢᠭ ᠤᠨ ᠰᠣᠳᠣᠯᠣᠯ
Creator ᠴᠠᠩ ᠢᠤᠢ ᠮᠸᠢ
Keyword 19ᠳ᠋ᠤᠭᠡᠷ ᠵᠠᠭᠤᠨ; ᠮᠣᠩᠭᠤᠯ ᠵᠣᠬᠢᠶᠠᠯᠴᠢᠳ;ᠲᠢᠭ ᠮᠠᠶᠢᠭ;ᠭᠦᠭᠵᠢᠯ ᠬᠤᠪᠢᠷᠠᠯ
Abstract ᠮᠣᠩᠭᠤᠯ ᠵᠣᠬᠢᠶᠠᠯ ᠤᠨ ᠲᠢᠭ ᠮᠠᠶᠢᠭ ᠤᠨ ᠰᠣᠳᠣᠯᠣᠯ ᠨᠢ ᠡᠷᠲᠡ᠂ ᠤᠢᠷ ᠡ ᠣᠷᠴᠢᠨ ᠦᠶ ᠡ ᠶᠢᠨ ᠭᠦᠭᠵᠢᠯ ᠤᠨ ᠤᠯᠠ ᠮᠦᠷ ᠢ ᠲᠡᠮᠵᠢᠨ ᠰᠢᠨ ᠡ ᠡᠷᠢᠨ ᠳ᠋ᠤ ᠬᠦᠷᠴᠦ ᠢᠷᠡᠵᠡᠢ᠃ ᠲᠤᠰ ᠦᠭᠦᠯᠡᠯ ᠳ᠋ᠤ 19 ᠳ᠋ᠤᠭᠡᠷ ᠵᠠᠭᠤᠨ ᠤ ᠦᠶᠡ ᠶᠢᠨ ᠮᠣᠩᠭᠤᠯ ᠡᠷᠳᠡᠮᠲᠡᠳ ᠤᠨ ᠵᠣᠬᠢᠶᠠᠨ ᠪᠦᠲᠦᠭᠡᠯ ᠪᠠᠶᠤ ᠲᠤᠰᠬᠠᠢ ᠦᠭᠦᠯᠡᠯᠲᠡ ᠶᠠᠷᠢᠶ ᠡ ᠵᠢ ᠡᠮᠬᠢᠯᠡᠨ ᠴᠣᠭᠯᠠᠭᠤᠯᠵᠤ᠂ ᠵᠣᠬᠢᠶᠠᠯ ᠤᠨ ᠲᠢᠭ ᠮᠠᠶᠢᠭ ᠤᠨ ᠲᠣᠬᠠᠢ ᠤᠢᠯᠠᠭᠠᠯᠲᠠ᠂ ᠦᠵᠡᠯᠲᠡ ᠲᠠᠨᠢᠯᠲᠠ ᠵᠢ ᠬᠤᠷᠢᠶᠠᠩᠭᠤᠢᠯᠠᠨ ᠰᠢᠨᠵᠢᠯᠡᠵᠡᠢ᠃ ᠲᠡᠭᠡᠭᠡᠳ ᠲᠤᠬᠠᠢ ᠶᠢᠨ ᠡᠷᠳᠡᠮᠲᠡᠳ᠂ ᠦᠩᠭᠡᠷᠡᠭᠰᠡᠨ ᠤ ᠡᠨᠡᠳᠭᠡᠭ ᠲᠦᠪᠡᠳ ᠤᠨ ᠬᠡᠯᠪᠡᠷᠢᠴᠢ ᠦᠵᠡᠯ ᠤᠨ ᠪᠠᠷᠢᠯᠳᠠᠯᠠᠯ ᠢ ᠦᠨᠳᠦᠰᠦᠨ ᠳ᠋ᠡᠭᠡᠨ ᠲᠠᠶᠠᠭᠳᠠᠵᠤ᠂ ᠤᠳᠬ ᠠ ᠵᠣᠬᠢᠶᠠᠯ ᠤᠨ ᠤᠨᠤᠯ ᠰᠣᠳᠣᠯᠣᠯ ᠪᠠ ᠵᠣᠬᠢᠶᠠᠨ ᠪᠦᠲᠦᠭᠡᠬᠦ ᠪᠣᠳᠠᠳᠤ ᠦᠢᠯᠡᠳᠦᠯᠭᠡ ᠲᠤᠮᠳᠠ ᠪᠡᠶᠡᠴᠢ ᠴᠣᠭᠴᠠ ᠵᠢ ᠴᠢᠬᠤᠯᠠᠴᠢᠯᠠᠨ᠂ ᠠᠭᠤᠯᠭ᠎ᠠ ᠬᠡᠯᠪᠡᠷᠢ ᠵᠢ ᠤᠶᠠᠯᠳᠤᠭᠤᠯᠬᠤ ᠪᠣᠯᠤᠭᠰᠠᠨ ᠡᠴᠡ ᠲᠢᠭ ᠮᠠᠶᠢᠭ ᠤᠨ ᠬᠤᠪᠢᠶᠠᠯᠲᠠ ᠤᠯᠠᠮ ᠠᠷᠢᠯᠢᠭᠵᠢᠵᠤ ᠨᠠᠷᠢᠨ ᠲᠤᠲᠳᠷᠬᠠᠢ ᠪᠣᠯᠵᠤ ᠬᠦᠭᠵᠢᠭᠰᠡᠨ ᠤᠯᠪᠠᠭ᠎ᠠ ᠵᠢ ᠦᠨᠡᠯᠡᠨ ᠨᠤᠲᠠᠯᠠᠬᠤ ᠪᠡᠷ ᠴᠢᠷᠮᠠᠢᠵᠠᠢ᠃
Original Literature View Original Paper
出自 内蒙古师范大学学报 2012年 第2期

联系我们


内蒙古大学图书馆
呼和浩特市大学西路235号
中国·内蒙古
P: (0471) 4992561
E: huangfeilong@imu.edu.cn