Paper Information


Title 《ᠮᠣᠩ᠋ᠭᠤᠯ ᠤᠨ ᠨᠢᠭᠤᠴᠠ ᠲᠤᠪᠴᠢᠶᠠᠨ》᠋ ᠳᠠᠬᠢ ᠰᠤᠨᠢᠷᠬᠠᠯ ᠲᠠᠢ ᠨᠢᠭᠡ ᠵᠤᠢ᠌ᠯ ᠤᠨ ᠨᠠᠢ᠌ᠷᠠᠭᠤᠯᠭ᠎ᠠ ᠶᠢᠨ ᠠᠷᠭ᠎ᠠ ᠵᠢᠴᠢ ᠲᠡᠭᠦᠨ ᠡᠴᠡ ᠬᠤᠯᠪᠤᠭᠳᠠᠭᠤᠯᠤᠨ ᠦᠭᠦᠯᠡᠬᠦ ᠨᠢ
Creator ᠰ‍᠂ ᠰᠤᠶᠤᠯᠲᠤ
Keyword
Abstract 《ᠮᠣᠩ᠋ᠭᠤᠯ ᠤᠨ ᠨᠢᠭᠤᠴᠠ ᠲᠤᠪᠴᠢᠶᠠᠨ》᠋ ᠳᠤ ᠣᠯᠠᠨ ᠵᠤᠢ᠌ᠯ ᠤᠨ ᠡᠲᠡᠭᠡᠳ ᠰᠤᠨᠢᠨ ᠨᠠᠢ᠌ᠷᠠᠭᠤᠯᠭ᠎ᠠ ᠶᠢᠨ ᠠᠷᠭ᠎ᠠ ᠪᠠᠷᠢᠯ ᠤᠳ ᠪᠠᠢ᠌ᠳᠠᠭ᠃ ᠭᠡᠪᠡᠴᠦ ᠣᠳᠣ ᠪᠤᠯᠲᠠᠯ᠎ᠠ ᠲᠡᠳᠡᠭᠡᠷ ᠢ ᠨᠠᠢ᠌ᠷᠠᠭᠤᠯᠭ᠎ᠠ ᠵᠦᠢ ᠶᠢᠨ ᠡᠭᠦᠳᠡᠨ ᠡᠴᠡ ᠨᠠᠷᠢᠨ ᠰᠤᠳᠤᠯᠵᠤ ᠪᠦᠷᠢᠨ ᠲᠦᠭᠦᠷ ᠲᠤᠳᠤᠷᠠᠭᠤᠯᠤᠨ ᠭᠠᠷᠭᠠᠵᠤ ᠬᠠᠷᠠᠬᠠᠨ ᠴᠢᠳᠠᠭᠠᠳᠤᠢ ᠪᠠᠢ᠌ᠭᠰᠠᠭᠠᠷ᠃ ᠡᠭᠦᠨ ᠳᠦ 《ᠭᠠᠷᠬᠠᠯᠠᠨ ᠨᠠᠢ᠋ᠷᠠᠭᠤᠯᠬᠤ ᠠᠷᠭ᠎ᠠ》ᠪᠤᠯᠪᠠᠰᠤ 《ᠮᠣᠩ᠋ᠭᠤᠯ ᠤᠨ ᠨᠢᠭᠤᠴᠠ ᠲᠤᠪᠴᠢᠶᠠᠨ》᠋ ᠤ ᠪᠠᠶᠠᠯᠢᠭ ᠣᠯᠠᠨ ᠨᠠᠢ᠌ᠷᠠᠭᠤᠯᠭ᠎ᠠ ᠶᠢᠨ ᠠᠷᠭ᠎ᠠ ᠪᠠᠷᠢᠯ ᠤᠨ ᠳᠤᠲᠤᠷᠠᠬᠢ ᠭᠤᠴᠤ ᠨᠢᠭᠡ ᠵᠤᠢ᠌ᠯ ᠨᠢ ᠮᠦᠨ ᠪᠢᠯᠡ᠃ ᠲᠤᠰ ᠵᠤᠬᠢᠶᠠᠯ᠂ ᠭᠠᠳᠠᠭᠠᠳᠤ ᠳᠤᠲᠤᠭᠠᠳᠤ ᠶᠢᠨ ᠡᠷᠳᠡᠮᠲᠡᠳ ᠦᠨ ᠶᠡᠷᠦ ᠡᠴᠡ ᠠᠵᠢᠭᠯᠠᠵᠤ ᠰᠤᠳᠤᠯᠤᠭᠠᠳᠤᠢ ᠮᠣᠩ᠋ᠭᠤᠯ ᠬᠡᠯᠡᠨ ᠦ ᠡᠨᠡᠬᠦ ᠴᠠᠭᠯᠠᠰᠢ ᠦᠭᠡᠢ ᠭᠤᠴᠤ ᠨᠠᠢ᠋ᠷᠠᠭᠤᠯᠭ᠎ᠠ ᠶᠢᠨ ᠠᠷᠭ᠎ᠠ ᠪᠠᠷᠢᠯ ᠤᠨ ᠨᠠᠢ᠋ᠷᠠᠭᠤᠯᠭ᠎ᠠ ᠶᠢᠨ ᠠᠭᠤᠯᠭ᠎ᠠ᠂ ᠨᠠᠢ᠌ᠷᠠᠭᠤᠯᠭ᠎ᠠ ᠶᠢᠨ ᠬᠡᠯᠪᠡᠷᠢ᠂ ᠨᠠᠢ᠌ᠷᠠᠭᠤᠯᠭ᠎ᠠ ᠶᠢᠨ ᠦᠷ᠎ᠡ ᠳ᠋ᠦᠩ ᠵᠡᠷᠭᠡ ᠶᠢ ᠪᠦᠬᠦᠯᠢ ᠳᠦᠨᠢ ᠨᠠᠷᠢᠪᠴᠢᠯᠠᠨ ᠰᠢᠨᠵᠢᠯᠡᠭᠰᠡᠨ ᠪᠦᠭᠡᠳ ᠲᠡᠭᠦᠨ ᠢ ᠳᠠᠯᠠᠢ ᠪᠠᠶᠠᠨ ᠠᠷᠠᠳ ᠤᠨ ᠠᠮᠠᠨ ᠵᠤᠬᠢᠶᠠᠯ ᠪᠤᠯᠤᠨ ᠣᠳᠣ ᠦᠶ᠎ᠡ ᠶᠢᠨ ᠰᠤᠩ᠋ᠭᠤᠳᠠᠭ ᠤᠳᠬ᠎ᠠ ᠵᠤᠬᠢᠶᠠᠯ ᠤᠨ ᠬᠡᠯᠡ ᠨᠠᠢ᠌ᠷᠠᠭᠤᠯᠭ᠎ᠠ ᠳᠤ ᠬᠡᠷᠬᠢᠨ ᠤᠯᠠᠮᠵᠢᠯᠠᠨ ᠠᠪᠴᠤ ᠬᠡᠷᠡᠭᠯᠡᠵᠦ ᠪᠦᠬᠦᠢ ᠪᠠᠢ᠌ᠳᠠᠯ ᠢ ᠴᠤ ᠬᠠᠩ᠋ᠭᠠᠮᠵᠢᠲᠠᠢ ᠪᠠᠷᠢᠮᠲᠠ ᠪᠠᠷ ᠨᠤᠲᠠᠯᠠᠵᠤ ᠦᠵᠡᠭᠦᠯᠬᠦ ᠶᠢ ᠬᠢᠴᠢᠶᠡᠭᠰᠡᠨ ᠪᠠᠢ᠌ᠨ᠎ᠠ᠃
Original Literature No Original Paper
出自 内蒙古大学学报 1994年 第1期

联系我们


内蒙古大学图书馆
呼和浩特市大学西路235号
中国·内蒙古
P: (0471) 4992561
E: huangfeilong@imu.edu.cn