Title |
ᠡᠷᠲᠡᠨ ᠦ ᠮᠣᠩᠭᠤᠯᠴᠤᠳ ᠤᠨ ᠪᠠᠢᠭᠠᠯᠢ ᠠᠮᠢ ᠠᠬᠤᠢ ᠶᠢᠨ ᠦᠵᠡᠯᠲᠡ ᠶᠢᠨ ᠲᠤᠬᠠᠢ — ᠮᠣᠩᠭᠤᠯ ᠠᠷᠠᠳ ᠤᠨ ᠠᠮᠠᠨ ᠵᠤᠬᠢᠶᠠᠯ ᠤᠨ ᠵᠠᠷᠢᠮ ᠵᠢᠱᠢᠶᠡᠨ ᠳᠡᠭᠡᠷ᠎ᠡ |
Creator |
ᠰᠡᠴᠡᠨ |
Keyword |
ᠡᠷᠲᠡᠨ ᠦ ᠮᠣᠩᠭᠤᠯᠴᠤᠳ; ᠪᠠᠢᠭᠠᠯᠢ ᠠᠮᠢ ᠠᠬᠤᠢ ᠶᠢᠨ ᠦᠵᠡᠯᠲᠡ; ᠠᠮᠠᠨ ᠵᠤᠬᠢᠶᠠᠯ |
Abstract |
ᠪᠠᠯᠠᠷᠯᠢᠭ ᠰᠢᠲᠦᠯᠭᠡ ᠪᠢᠰᠢᠷᠡᠯ ᠪᠤᠯ ᠡᠷᠲᠡᠨ ᠦ ᠮᠣᠩᠭᠤᠯᠴᠤᠳ ᠤᠨ ᠪᠠᠢᠭᠠᠯᠢ ᠠᠮᠢ ᠠᠬᠤᠢ ᠶᠢᠨ ᠦᠵᠡᠯᠲᠡ ᠶᠢᠨ ᠪᠤᠢ ᠪᠤᠯᠵᠤ ᠪᠦᠷᠢᠯᠳᠦᠭᠰᠡᠨ ᠭᠦᠨ ᠤᠬᠠᠭᠠᠨ ᠤ ᠦᠨᠳᠦᠰᠦ ᠰᠤᠷᠪᠤᠯᠵᠢ ᠮᠦᠨ᠃ ᠪᠠᠯᠠᠷ ᠡᠷᠲᠡᠨ ᠦ ᠨᠡᠢᠭᠡᠮ ᠳᠦ ᠦᠢᠯᠡᠳᠪᠦᠷᠢᠯᠡᠯ ᠦᠨ ᠬᠦᠴᠦᠨ ᠲᠤᠢᠯ ᠤᠨ ᠳᠤᠷᠤᠢ ᠪᠠᠭᠤᠷᠠᠢ ᠪᠠᠢᠭᠰᠠᠨ ᠲᠤᠯᠠ ᠬᠦᠮᠦᠰ ᠪᠠᠢᠭᠠᠯᠢ ᠶᠢᠨ ᠵᠢᠮ᠎ᠡ ᠶᠤᠰᠤ ᠶᠢ ᠲᠠᠨᠢᠵᠤ ᠲᠡᠢᠯᠬᠦ ᠦᠭᠡᠢ᠂ ᠪᠠᠢᠭᠠᠯᠢ ᠪᠠ ᠬᠦᠮᠦᠨ ᠦ ᠬᠤᠭᠤᠷᠤᠨᠳᠤᠬᠢ ᠵᠦᠷᠢᠴᠡᠯ ᠨᠢ ᠲᠤᠬᠠᠢ ᠶᠢᠨ ᠦᠶ᠎ᠡ ᠶᠢᠨ ᠭᠤᠤᠯ ᠵᠦᠷᠢᠴᠡᠯ ᠪᠤᠯᠵᠤ ᠪᠠᠢᠵᠠᠢ᠃ ᠡᠢᠨ ᠬᠦ ᠬᠦᠮᠦᠰ ᠪᠠᠢᠭᠠᠯᠢ ᠠᠬᠤᠢ ᠶᠢ ᠲᠠᠨᠢᠵᠤ ᠡᠵᠡᠮᠰᠢᠨ ᠵᠠᠬᠢᠷᠬᠤ ᠬᠦᠰᠡᠯ ᠪᠠ ᠤᠷᠤᠯᠳᠤᠯᠭ᠎ᠠ ᠨᠢ ᠮᠣᠩᠭᠤᠯ ᠠᠷᠠᠳ ᠤᠨ ᠠᠮᠠᠨ ᠵᠤᠬᠢᠶᠠᠯ ᠤᠨ ᠡᠷᠲᠡᠨ ᠦ ᠬᠡᠯᠪᠡᠷᠢ ᠪᠤᠯᠬᠤ ᠰᠢᠪᠰᠢᠯᠭᠡ ᠶᠢᠨ ᠦᠭᠡ᠂ ᠰᠠᠩ ᠰᠠᠴᠤᠯᠢ᠂ ᠳᠠᠯᠠᠯᠭ᠎ᠠ ᠳᠠᠭᠤᠳᠠᠯᠭ᠎ᠠ᠂ ᠲᠠᠬᠢᠯᠭ᠎ᠠ ᠶᠢᠨ ᠰᠢᠯᠦᠭᠯᠡᠯ᠂ ᠰᠢᠳᠢᠲᠦ ᠦᠯᠢᠭᠡᠷ᠂ ᠪᠠᠭᠠᠲᠤᠷᠯᠢᠭ ᠲᠤᠤᠯᠢ ᠳᠤ ᠳᠤᠰᠬᠠᠯ ᠢᠶᠠᠨ ᠣᠯᠵᠤ᠂ ᠡᠷᠲᠡᠨ ᠦ ᠮᠣᠩᠭᠤᠯᠴᠤᠳ ᠤᠨ ᠪᠠᠢᠭᠠᠯᠢ ᠠᠮᠢ ᠠᠬᠤᠢ ᠶᠢᠨ ᠦᠵᠡᠯᠲᠡ ᠶᠢ ᠢᠯᠡᠷᠡᠭᠦᠯᠵᠡᠢ᠃ |
Original Literature |
View Original Paper
|
出自 |
中国蒙古学
2015年
第4期
|