Title |
《ᠨᠢᠭᠡᠨ ᠲᠠᠪᠬᠤᠷ ᠠᠰᠠᠷ》 ᠪᠠ 《ᠤᠯᠠᠭᠠᠨ᠎ᠠ ᠤᠬᠢᠯᠠᠬᠤ ᠲᠢᠩᠬᠢᠮ》 ᠤᠨ ᠰᠠᠨᠠᠭ᠎ᠠ ᠲᠦᠷᠢ ᠶᠢᠨ ᠪᠦᠲᠦᠴᠡ ᠶᠢᠨ ᠭᠤᠤ ᠠ ᠰᠠᠢᠬᠠᠨ ᠤ ᠣᠨᠴᠠᠯᠢᠭ |
Creator |
ᠬᠠᠷᠠᠬᠦᠦ |
Keyword |
《ᠨᠢᠭᠡᠨ ᠲᠠᠪᠬᠤᠷ ᠠᠰᠠᠷ》;《ᠤᠯᠠᠭᠠᠨ᠎ᠠ ᠤᠬᠢᠯᠠᠬᠤ ᠲᠢᠩᠬᠢᠮ》;ᠰᠠᠨᠠᠭ᠎ᠠ ᠲᠦᠷᠢ ᠶᠢᠨ ᠪᠦᠲᠦᠴᠡ ;ᠭᠤᠤ ᠠ ᠰᠠᠢᠬᠠᠨ ᠤ ᠣᠨᠴᠠᠯᠢᠭ |
Abstract |
ᠣᠳᠣ ᠪᠢ ᠲᠤᠰᠬᠠᠯ ᠲᠦᠷᠢ ᠶᠢᠨ ᠲᠠᠯ ᠠ ᠡᠴᠡ ᠬᠡᠪ ᠰᠢᠨᠵᠢ- ᠪᠣᠳᠠᠳᠤ ᠲᠦᠷᠢ ᠪᠣᠯᠤᠨ ᠬᠡᠢᠰᠪᠤᠷᠢ ᠲᠦᠷᠢ- ᠰᠠᠨᠠᠭ᠎ᠠ ᠲᠦᠷᠢ ᠶᠢᠨ ᠬᠠᠷᠢᠴᠠᠭ᠎ᠠ ᠵᠢ ᠲᠠᠢᠯᠪᠤᠷᠢᠯᠠᠶ ᠠ! ᠪᠣᠳᠠᠰ ᠤᠨ ᠶᠢᠷᠳᠢᠨᠴᠦ ᠪᠡᠷ ᠠᠪᠴᠦ ᠬᠡᠯᠡᠪᠡᠯ᠂ ᠡᠨᠡ ᠲᠦᠷᠢ ᠶᠢᠨ ᠰᠡᠭᠦᠳᠡᠷ ᠡ ᠲᠦᠷᠢ ᠶᠢᠨ ᠲᠡᠭᠡᠷ ᠡ ᠲᠠᠷᠤᠢ ᠲᠤᠰᠬᠠᠯ ᠲᠦᠷᠢ ᠡᠭᠦᠰᠦᠨ᠎ᠡ᠃ ᠪᠠᠢᠭᠠᠯᠢ ᠶᠢᠷᠲᠢᠨᠴᠦ ᠳ᠋ᠡᠬᠢ ᠭᠡᠷᠡᠯ ᠬᠢᠯᠪᠡᠭᠠ᠂ ᠡᠭᠦᠯᠡ ᠮᠠᠨᠠᠨ᠂ ᠨᠠᠷᠠᠨ ᠰᠠᠷ᠎ᠠ᠂ ᠠᠭᠤᠯᠠ ᠬᠠᠢᠷᠬᠠᠨ᠂ ᠤᠢ ᠮᠣᠳᠤ᠂ ᠨᠠᠪᠴᠢ ᠴᠡᠴᠡᠭ᠂ ᠡᠪᠡᠰᠦ ᠤᠷᠭᠤᠮᠤᠯ᠂ ᠬᠦᠮᠦᠨ ᠠᠮᠢᠲᠠᠨ ᠤ ᠲᠦᠷᠢ ᠲᠦᠯᠦᠪ ᠨᠠᠭᠤᠷᠢ ᠴᠦᠭᠦᠷᠦᠮ ᠤᠨ ᠤᠰᠤᠨ ᠳ᠋ᠤ ᠲᠤᠰᠴᠦ ᠲᠤᠩᠭᠤᠷᠦᠦ ᠰᠦᠷᠰᠦ ᠵᠡᠭᠳᠡᠬᠦ ᠵᠢ ᠲᠤᠰᠬᠠᠯ ᠲᠦᠷᠢ ᠭᠡᠨ ᠡ᠃ ᠡᠭᠦᠨ ᠲᠠᠢ ᠠᠳᠠᠯᠢ ᠪᠡᠷ ᠪᠠᠢᠭᠠᠯᠢ ᠶᠢᠷᠲᠢᠨᠴᠦ ᠶᠢᠨ ᠪᠣᠳᠠᠰ ᠤᠨ ᠲᠦᠷᠢ ᠬᠦᠮᠦᠰ ᠤᠨ ᠰᠡᠷᠡᠯ ᠤᠨ ᠡᠷᠭᠡᠲᠡᠨ ᠢᠢᠡᠷ ᠲᠠᠮᠵᠢᠵᠤ ᠤᠢ ᠪᠢᠯᠢᠭ ᠲᠤᠨᠢ ᠬᠦᠨ ᠰᠠᠭᠤᠭᠳᠠᠵᠤ᠂ ᠤᠳᠠᠭᠠᠨ ᠡᠳᠦᠷ ᠵᠤᠵᠠᠭᠠᠨ ᠬᠤᠨᠤᠭ ᠮᠠᠷᠲᠠᠭᠳᠠᠬᠤ ᠦᠭᠡᠢ ᠪᠠᠢᠬᠤ ᠨᠢ ᠲᠤᠰᠬᠠᠯ ᠲᠦᠷᠢ ᠶᠢᠨ ᠲᠡᠭᠡᠳᠦ ᠬᠡᠯᠪᠡᠷᠢ ᠪᠣᠯᠤᠨ᠎ᠠ᠃ ᠤᠷᠠᠯᠢᠭ ᠤᠨ ᠶᠢᠷᠳᠢᠨᠴᠦ ᠪᠡᠷ ᠠᠪᠴᠦ ᠦᠵᠡᠪᠡᠯ᠂ ᠠᠭᠤᠯᠠ ᠬᠠᠳᠠ᠂ ᠤᠢ ᠮᠣᠳᠤ ᠂ᠰᠤᠪᠤᠷᠭ᠎ᠠ ᠲᠢᠩᠬᠢᠮ᠂ ᠠᠰᠠᠷ ᠲᠠᠭᠲᠤ ᠵᠡᠷᠭᠡ ᠨᠢ ᠴᠦᠮ ᠴᠡᠴᠡᠷᠯᠢᠭ ᠲᠤ ᠦᠩᠬᠡ ᠦᠵᠡᠮᠵᠢ ᠪᠣᠯᠵᠤ᠂ ᠨᠠᠭᠤᠷ ᠴᠦᠭᠦᠷᠦᠮ ᠤᠨ ᠤᠰᠤᠨ ᠳ᠋ᠤ ᠲᠤᠰᠬᠠᠭᠲᠠᠵᠤ ᠲᠤᠩᠭᠤᠷᠤᠤ ᠬᠠᠷᠠᠭᠲᠠᠵᠤ᠂ ᠵᠤᠭᠠᠴᠢᠨ ᠦᠵᠡᠭᠴᠢᠳ ᠤᠨ ᠰᠡᠳᠬᠢᠯ ᠵᠢᠷᠤᠬᠡ ᠵᠢ ᠪᠠᠶᠠᠰᠬᠠᠲᠠᠭ ᠪᠠᠢᠨ᠎ᠠ᠃ ᠬᠢᠲᠡᠳ ᠦᠨᠳᠦᠰᠦᠲᠡᠨ ᠤ ᠡᠷᠲᠡᠨ ᠤ ᠲᠠᠢᠰᠠᠨ ᠤᠷᠠᠯᠢᠭ ᠤᠨ ᠤᠯᠠᠮᠵᠢᠯᠠᠯᠲᠤ ᠶᠣᠰᠤᠨ ᠡᠴᠡ ᠦᠵᠡᠪᠡᠯ᠂ ᠰᠢ ᠵᠦᠴᠦᠭᠡ ᠶᠢᠨ ᠲᠤᠭᠯᠠᠭᠴᠢᠳ ᠪᠡᠶ ᠠ ᠶᠢᠨ ᠬᠦᠳᠡᠯᠭᠡᠭᠡᠨ ᠢᠢᠡᠷ ᠲᠠᠮᠵᠢᠵᠦ ᠬᠤᠯᠠ ᠤᠢᠷ ᠠ ᠶᠢᠨ ᠦᠵᠡᠮᠵᠢ ᠪᠠ ᠲᠠᠯᠠᠪᠤᠷᠢ ᠢ ᠢᠯᠡᠷᠡᠬᠦᠯᠬᠦ ᠶᠢᠨ ᠲᠦᠯᠦᠭᠡ ᠦᠷᠭᠦᠯᠵᠢ ᠪᠣᠳᠠᠳᠤ ᠲᠦᠷᠢ ᠳ᠋ᠤ ᠬᠡᠢᠢᠰᠪᠤᠷᠢ ᠲᠦᠷᠢ ᠵᠢ ᠠᠭᠤᠰᠬᠠᠬᠤ ᠠᠷᠭ᠎ᠠ ᠵᠢ ᠭᠡᠷᠡᠭᠡᠯᠵᠦ᠂ ᠲᠤᠰᠬᠠᠯ ᠲᠦᠷᠢ ᠵᠢ ᠪᠦᠲᠦᠭᠡᠳᠡᠭ ᠪᠠᠢᠨ᠎ᠠ᠃ |
Original Literature |
No Original Paper
|
出自 |
内蒙古师范大学学报
1988年
第2期
|