Paper Information


Title ᠣᠢ᠌ᠷ᠎ᠠ ᠦᠶ᠎ᠡ ᠶᠢᠨ ᠵᠠᠷᠢᠮ ᠮᠣᠩ᠋ᠭᠤᠯ ᠰᠤᠨᠢᠨ ᠰᠡᠳᠭᠦᠯ ᠦᠨ ᠣᠨᠴᠠᠯᠢᠭ ᠢ ᠰᠦᠪᠡᠭ᠍ᠴᠢᠯᠡᠬᠦ ᠨᠢ
Creator ᠴᠤᠭᠲᠤ; ᠸᠠᠩ ᠰᠢᠦ ᠯᠠᠨ
Keyword
Abstract ᠰᠤᠨᠢᠨ ᠮᠡᠳᠡᠭᠡᠯᠡᠯ ᠦᠨ ᠦᠢᠯᠡᠰ ᠪᠤᠯ ᠳᠠᠪᠬᠤᠷᠭ᠎ᠠ ᠶᠢᠨ ᠪᠦᠷᠢᠯᠳᠦᠭᠦᠨ ᠪᠤᠯᠤᠨ᠎ᠠ᠃ ᠲᠡᠭᠦᠨ ᠦ ᠣᠷᠤᠰᠢᠨ ᠲᠤᠭᠲᠠᠬᠤ᠂ ᠬᠦᠭ᠍ᠵᠢᠵᠦ ᠳᠤᠷᠤᠢ᠌ᠳᠠᠬᠤ ᠨᠢ ᠠᠵᠤ ᠠᠬᠤᠢ ᠶᠢᠨ ᠰᠠᠭᠤᠷᠢ ᠪᠠᠷ ᠰᠢᠢᠳᠪᠦᠷᠢᠯᠡᠭᠳᠡᠨ᠎ᠡ᠃ ᠭᠡᠲᠡᠯ᠎ᠡ ᠨᠢᠭᠡᠨ ᠤᠯᠤᠰ ᠦᠨᠳᠦᠰᠦᠲᠡᠨ ᠦ ᠲᠡᠦᠬᠡᠨ ᠬᠦᠭ᠍ᠵᠢᠯ ᠦᠨ ᠣᠨᠴᠤᠭᠤᠢ ᠱᠠᠲᠤ ᠦᠶ᠎ᠡ ᠳᠦ ᠠᠵᠤ ᠠᠬᠤᠢ ᠶᠢᠨ ᠰᠠᠭᠤᠷᠢ ᠬᠤᠴᠤᠷᠤᠩ᠋ᠭᠤᠢ ᠠᠳᠠᠯ᠎ᠠ ᠳᠠᠪᠬᠤᠷᠭ᠎ᠠ ᠶᠢᠨ ᠪᠤᠰᠤᠳ ᠨᠠᠢ᠌ᠷᠠᠭ ᠤᠨ ᠢᠳᠡᠪᠬᠢ ᠦᠢᠯᠡᠳᠦᠯ ᠦᠨ ᠠᠬᠢᠭᠤᠯᠤᠯ ᠳᠤᠤᠷ᠎ᠠ ᠠᠯᠢ ᠨᠢᠭᠡᠨ ᠨᠠᠢ᠌ᠷᠠᠭ ᠨᠢ ᠨᠢᠭᠡᠨ ᠦᠶ᠎ᠡ ᠳᠦ ᠬᠦᠭ᠍ᠵᠢᠯ ᠢᠶᠡᠨ ᠣᠯᠳᠠᠭ ᠪᠠᠢ᠌ᠳᠠᠯ ᠪᠤᠢ᠃ ᠣᠢ᠌ᠷ᠎ᠠ ᠦᠶ᠎ᠡ ᠶᠢᠨ ᠮᠣᠩ᠋ᠭᠤᠯ ᠰᠤᠨᠢᠨ ᠰᠡᠳᠭᠦᠯ ᠨᠢ ᠡᠨᠡᠬᠦ ᠰᠢᠯᠲᠠᠭᠠᠨ ᠠᠴᠠ ᠪᠤᠯᠵᠤ ᠺᠤᠯᠤᠨᠢᠴᠢᠯᠠᠯ ᠬᠡᠰᠡᠭᠯᠡᠯ ᠦᠨ ᠳᠦᠷᠦᠳᠡᠰᠦ ᠶᠢᠨ ᠬᠤᠪᠢ ᠪᠠᠷ ᠬᠡᠪᠯᠡᠭᠳᠡᠨ ᠲᠠᠷᠬᠠᠭᠠᠭᠳᠠᠵᠤ ᠡᠬᠢᠯᠡᠵᠡᠢ᠃ ᠺᠤᠯᠤᠨᠢᠴᠢᠯᠠᠯ ᠪᠠ ᠺᠤᠯᠤᠨᠢᠴᠢᠯᠠᠯ ᠢ ᠡᠰᠡᠷᠭᠦᠴᠡᠬᠦ᠂ ᠹᠧᠤᠳᠠᠯ ᠨᠤᠶᠠᠷᠬᠠᠯ ᠢᠶᠠᠨ ᠪᠡᠬᠢᠵᠢᠭᠦᠯᠬᠦ ᠪᠡ ᠹᠧᠤᠳᠠᠯ ᠶᠤᠰᠤᠨ ᠢ ᠲᠦᠯᠬᠢᠨ ᠤᠨᠠᠭᠠᠬᠤ ᠤᠯᠤᠰ ᠲᠦᠷᠦ ᠶᠢᠨ ᠲᠡᠮᠡᠴᠡᠯ ᠢ ᠳᠤᠰᠬᠠᠬᠤ ᠨᠡᠢ᠌ᠭᠡᠮ ᠦᠨ ᠡᠭᠦᠷᠭᠡᠯᠡᠯ ᠡᠴᠡ ᠪᠡᠨ ᠰᠢᠯᠲᠠᠭᠠᠯᠠᠵᠤ ᠲᠤᠬᠠᠢ ᠶᠢᠨ ᠦᠶ᠎ᠡ ᠶᠢᠨ ᠮᠣᠩ᠋ᠭᠤᠯ ᠰᠤᠨᠢᠨ ᠰᠡᠳᠭᠦᠯ ᠦᠳ ᠠᠳᠠᠯᠢ ᠪᠤᠰᠤ ᠣᠨᠴᠠᠯᠢᠭ ᠢᠶᠠᠨ ᠢᠯᠡᠷᠡᠭᠦᠯᠵᠡᠢ᠃
Original Literature No Original Paper
出自 内蒙古大学学报 1994年 第1期

联系我们


内蒙古大学图书馆
呼和浩特市大学西路235号
中国·内蒙古
P: (0471) 4992561
E: huangfeilong@imu.edu.cn