Paper Information


Title 《ᠨᠢᠭᠡᠲᠦᠭᠰᠡᠨ ᠣᠯᠠᠨ ᠦᠨᠳᠦᠰᠦᠨ ᠦ ᠤᠯᠤᠰ》 ᠬᠡᠮᠡᠬᠦ ᠬᠡᠯᠡᠮᠵᠢ ᠳᠦ ᠴᠤᠭᠴᠠᠯᠠᠭᠳᠠᠭᠰᠠᠨ ᠵᠤᠬᠢᠶᠠᠯᠴᠢ ᠨᠠ‍ · ᠰᠠᠢ᠌ᠨᠴᠤᠭᠲᠤ ᠶᠢᠨ ᠦᠨᠳᠦᠰᠦᠨ ᠦ ᠵᠤᠬᠢᠶᠠᠯ ᠤᠨ ᠪᠤᠳᠤᠯᠭ᠎ᠠ — 《ᠵᠤᠬᠢᠶᠠᠯ ᠤᠷᠠᠯᠢᠭ ᠰᠤᠨᠢᠨ》᠋ ᠤ 20᠋ ᠳᠤᠭᠠᠷ ᠵᠠᠭᠤᠨ ᠤ ᠲᠠᠪᠢᠭᠠᠳ ᠣᠨ ᠤ ᠬᠤᠶᠠᠷ ᠤᠳᠠᠭᠠᠨ ᠤ ᠨᠡᠢ᠌ᠲᠡᠯᠡᠯ ᠢᠶᠡᠷ
Creator ᠲᠡᠭᠦᠰᠪᠠᠶᠠᠷ
Keyword ᠨᠠ‍ · ᠰᠠᠢ᠌ᠨᠴᠤᠭᠲᠤ; ᠦᠨᠳᠦᠰᠦᠨ ᠦ ᠵᠤᠬᠢᠶᠠᠯ; ᠤᠯᠠᠮᠵᠢᠯᠠᠯ; ᠡᠬᠡ ᠬᠡᠯᠡ
Abstract ᠲᠤᠰ ᠦᠭᠦᠯᠡᠯ ᠳᠦ 1956 ᠣᠨ ᠪᠠ 1957 ᠣᠨ ᠳᠤ ᠨᠡᠢ᠋ᠲᠡᠯᠡᠭᠳᠡᠭᠰᠡᠨ ᠨᠠ‍ · ᠰᠠᠢ᠌ᠨᠴᠤᠭᠲᠤ (1914 — 1973)᠋ ᠶᠢᠨ ᠬᠤᠶᠠᠷ ᠶᠠᠷᠢᠶ᠎ᠠ ᠪᠠᠷ ᠪᠠᠷᠢᠮᠲᠠ ᠪᠤᠯᠭᠠᠨ ᠲᠡᠭᠦᠨ ᠦ ᠳᠤᠷᠠᠳᠤᠭᠰᠠᠨ ᠦᠨᠳᠦᠰᠦᠨ ᠦ ᠵᠤᠬᠢᠶᠠᠯ ᠤᠨ ᠪᠤᠳᠤᠯᠭ᠎ᠠ ᠶᠢ᠂ ᠲᠤᠬᠠᠢ᠌ᠯᠠᠪᠠᠯ 《ᠤᠯᠠᠮᠵᠢᠯᠠᠯ ᠳᠤ ᠪᠠᠨ ᠦᠨᠳᠦᠰᠦᠯᠡᠬᠦ》 ᠪᠤᠯᠤᠨ 《ᠮᠣᠩᠭ᠋ᠤᠯ (ᠡᠬᠡ ᠬᠡᠯᠡ)᠋ ᠢᠶᠡᠷ ᠢᠶᠡᠨ ᠵᠤᠬᠢᠶᠠᠬᠤ》 ᠵᠠᠷᠴᠢᠮ ᠢ ᠲᠤᠳᠤᠷᠠᠭᠤᠯᠤᠨ ᠬᠤᠷᠢᠶᠠᠩᠭ᠋ᠤᠢ᠌ᠯᠠᠪᠠ᠃ ᠵᠤᠬᠢᠶᠠᠯᠴᠢ ᠨᠠ‍ · ᠰᠠᠢ᠌ᠨᠴᠤᠭᠲᠤ᠋ ᠶᠢᠨ ᠡᠨᠡ ᠬᠦ ᠪᠤᠳᠤᠯᠭ᠎ᠠ ᠪᠤᠯ ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ ᠪᠠᠢ᠌ᠭᠤᠯᠤᠭᠳᠠᠭᠠᠳ 《ᠨᠢᠭᠡᠲᠦᠭᠰᠡᠨ ᠣᠯᠠᠨ ᠦᠨᠳᠦᠰᠦᠨ ᠦ ᠤᠯᠤᠰ》 ᠭᠡᠳᠡᠭ ᠬᠡᠯᠡᠮᠵᠢ ᠶᠢ ᠴᠤᠭᠴᠠᠯᠠᠵᠤ ᠪᠠᠢ᠌ᠭ᠎ᠠ ᠪᠠᠢ᠌ᠳᠠᠯ ᠳᠤ ᠲᠤᠬᠢᠶᠠᠯᠳᠤᠭᠤᠯᠤᠨ ᠳᠤᠷᠠᠳᠤᠭᠰᠠᠨ᠂ ᠴᠦᠭᠡᠩᠭᠢ ᠦᠨᠳᠦᠰᠦᠲᠡᠨ ᠦ ᠵᠤᠬᠢᠶᠠᠯ ᠤᠷᠠᠯᠢᠭ ᠤᠨ ᠤᠭ ᠰᠢᠨᠵᠢ ᠶᠢ ᠤᠨᠤᠭᠠᠨ ᠢᠯᠡᠷᠬᠡᠢ᠌ᠯᠡᠭᠰᠡᠨ ᠴᠢᠬᠤᠯᠠ ᠪᠤᠳᠤᠯᠭ᠎ᠠ ᠪᠤᠯᠬᠤ ᠶᠤᠮ᠃ ᠡᠨᠡ ᠬᠦ ᠪᠤᠳᠤᠯᠭ᠎ᠠ ᠨᠢ ᠦᠨᠦᠳᠦᠷ ᠦᠨ ᠲᠠᠶᠠᠭᠠᠷᠴᠢᠯᠠᠯᠭ᠎ᠠ (Globalization) ᠪᠤᠯᠤᠨ ᠤᠯᠠᠮᠤᠰᠤᠨ ᠰᠤᠶᠤᠯ ᠤᠨ ᠤᠷᠤᠰᠬᠠᠯ ᠲᠠᠢ ᠨᠡᠢ᠌ᠴᠡᠵᠦ ᠢᠷᠡᠭᠰᠡᠨ ᠪᠦᠭᠡᠳ ᠨᠡᠩ ᠴᠢᠬᠤᠯᠠ ᠪᠤᠯᠤᠭᠰᠠᠨ ᠶᠤᠮ᠃
Original Literature No Original Paper
出自 内蒙古大学学报 2014年 第5期

联系我们


内蒙古大学图书馆
呼和浩特市大学西路235号
中国·内蒙古
P: (0471) 4992561
E: huangfeilong@imu.edu.cn