Paper Information


Title ᠮᠣᠩᠭᠣᠯ ᠵᠦᠴᠦᠭᠡ ᠵᠢᠴᠢ ᠲᠡᠭᠦᠨ ᠦ ᠬᠦᠭ᠍ᠵᠢᠯᠲᠡ
Creator ᠴᠥ᠋ ᠢ
Keyword ᠮᠣᠩᠭᠣᠯ ᠵᠦᠴᠦᠭᠡ; ᠮᠣᠩᠭᠣᠯ ᠵᠦᠴᠦᠭᠡ ᠶᠢᠨ ᠰᠤᠶᠤᠭᠠᠯᠠᠯ; ᠳᠡᠯᠭᠡᠷᠡᠯ; ᠬᠥᠭ᠍ᠵᠢᠯᠳᠡ
Abstract ᠥᠭᠥᠯᠡ ᠳᠤ ᠮᠣᠩᠭᠣᠯ ᠵᠦᠴᠦᠭᠡ ᠶᠢᠨ ᠬᠥᠭ᠍ᠵᠢᠯᠳᠠ ᠶᠢ ᠦᠶᠡᠯᠡᠨ ᠰᠢᠨᠵᠢᠯᠡᠵᠦ᠂ ᠲᠡᠭᠦᠨ ᠦ ᠲᠡᠦᠬᠡᠨ ᠬᠥᠭ᠍ᠵᠢᠯ ᠤᠨ ᠤᠯᠠ ᠮᠦᠷ ᠢ ᠲᠤᠳᠤᠷᠠᠭᠤᠯᠬᠤ ᠵᠤᠷᠢᠯᠭ᠎ᠠ ᠪᠤᠯᠭᠠᠵᠤ᠂ ᠤᠷᠴᠢᠮ ᠤᠨ ᠠᠷᠪᠠᠨ ᠲᠠᠪᠤᠨ ᠵᠢᠯ ᠳᠡᠬᠢ ᠵᠦᠴᠦᠭᠡ ᠶᠢᠨ ᠬᠥᠭ᠍ᠵᠢᠯᠳᠠ ᠶᠢ 《ᠬᠤᠨ ᠭᠠᠯᠠᠭᠤ》ᠰᠡᠳᠭᠦᠯ ᠳᠤ ᠨᠡᠢ᠌ᠳᠡᠯᠡᠭᠰᠡᠨ ᠵᠦᠴᠦᠭᠡ ᠳᠤ ᠲᠤᠭ᠋ ᠠ ᠪᠦᠷᠢᠳᠭᠡᠯ ᠬᠢᠬᠦ ᠶᠢᠨ ᠳᠠᠭᠠᠤ ᠨᠡᠯᠢᠶᠡᠳ ᠠᠮᠵᠢᠯᠲᠠ ᠲᠠᠢ ᠵᠤᠬᠢᠶᠠᠯ ᠳᠤ ᠤᠷᠠᠯᠢᠭ ᠤᠨ ᠵᠠᠳᠠᠯᠤᠯᠲᠠ ᠬᠢᠵᠡᠢ᠃ ᠵᠦᠴᠦᠭᠡ ᠪᠤᠯ ᠤᠷᠠᠨ ᠵᠤᠬᠢᠶᠠᠯ ᠤᠨ ᠴᠢᠬᠤᠯᠠ ᠨᠢᠭᠡᠨ ᠲᠦᠷᠦᠯ ᠵᠠᠨᠠᠷ ᠪᠤᠯᠤᠨ᠎ᠠ᠃ ᠤᠳᠤ ᠦᠶ ᠡ  ᠶᠢᠨ ᠤᠷᠠᠨ ᠵᠤᠬᠢᠶᠠᠯ ᠨᠢ ᠰᠤᠷᠠᠭ ᠵᠠᠩᠬᠢ᠂ ᠤᠯᠠᠨ ᠵᠠᠭᠤᠴᠢ ᠪᠡᠷ ᠳᠠᠮᠵᠢᠨ ᠥᠪᠡᠷ ᠤᠨ ᠦᠨᠳᠦᠰᠦᠳᠡᠨ ᠦ ᠤᠷᠠᠨ ᠵᠤᠬᠢᠶᠠᠯ ᠤᠨ ᠭᠠᠨᠵᠤᠭᠠᠯᠠᠭᠴᠢ ᠪᠤᠯᠭᠠᠬᠤ ᠶᠢᠨ ᠬᠠᠮᠲᠤ᠂ ᠳᠡᠯᠡᠬᠡᠢ ᠶᠢᠨ ᠤᠷᠠᠨ ᠵᠤᠬᠢᠶᠠᠯ ᠤᠨ ᠨᠢᠭᠡ ᠪᠦᠷᠢᠯᠳᠦᠬᠦᠨ ᠪᠤᠯᠳᠠᠭ᠃ ᠡᠢ᠌ᠮᠦ ᠡᠴᠡ ᠮᠣᠩᠭᠣᠯ ᠦᠨᠳᠦᠰᠦᠳᠡᠨ ᠦ ᠵᠦᠴᠦᠭᠡ ᠶᠢᠨ ᠵᠤᠬᠢᠶᠠᠯ ᠤᠨ ᠬᠥᠭ᠍ᠵᠢᠯᠳᠡ ᠶᠢ ᠰᠤᠳᠤᠯᠵᠤ᠂ ᠲᠡᠭᠦᠨ ᠢ ᠰᠢᠰᠲ᠋ᠸᠮ ᠲᠠᠢ ᠪᠠᠷ ᠳᠠᠨᠢᠬᠤ ᠪᠤᠯ ᠴᠠᠭ ᠦᠶ ᠡ ᠶᠢᠨ ᠱᠠᠭᠠᠷᠳᠠᠯᠭ᠎ᠠ ᠪᠠᠢ᠌ᠵᠤ᠃ ᠮᠣᠩᠭᠣᠯ ᠤᠷᠠᠨ ᠵᠤᠬᠢᠶᠠᠯ ᠤᠨ ᠤᠷᠤᠰᠢᠬᠤᠢ ᠶᠢᠨ ᠵᠠᠢ ᠶᠢ ᠳᠠᠯᠠᠵᠦ᠂ ᠨᠡᠩ ᠤᠯᠠᠨ ᠬᠥᠮᠥᠰ ᠲᠤ ᠮᠡᠳᠡᠷᠡᠭᠦᠯᠬᠦ ᠴᠢᠬᠤᠯᠠ ᠠᠷᠭ᠎ᠠ ᠵᠠᠮ ᠮᠦᠨ᠃
Original Literature View Original Paper
出自 内蒙古社会科学(蒙文版) 2007年 第1期

联系我们


内蒙古大学图书馆
呼和浩特市大学西路235号
中国·内蒙古
P: (0471) 4992561
E: huangfeilong@imu.edu.cn