Paper Information


Title ᠪᠦᠬᠡ ᠮᠦᠷᠭᠦᠯ ᠤᠨ 99 ᠳᠡᠭᠷᠢᠰ ᠤᠨ ᠤᠴᠢᠷ (ᠬᠤᠶᠠᠷ)
Creator ᠰᠦᠶᠦᠭᠡ
Keyword ᠪᠦᠬᠡ ᠮᠦᠷᠭᠦᠯ ; 99 ᠳᠡᠭᠷᠢᠰ
Abstract 《ᠪᠦᠬᠡ ᠮᠦᠷᠭᠦᠯ ᠤᠨ 99 ᠳᠡᠭᠷᠢᠰ ᠤᠨ ᠤᠴᠢᠷ 》(ᠨᠢᠭᠡ )ᠳᠤ ᠂ ᠬᠠᠷ ᠠ ᠴᠠᠭᠠᠨ ᠵᠦᠭ ᠤᠨ ᠳᠡᠭᠷᠢᠰ ᠤᠨ ᠵᠤᠷᠢᠴᠠᠯ ᠳᠠᠮᠠᠴᠠᠯ ᠢ ᠲᠤᠰᠬᠠᠭᠰᠠᠨ 99 ᠳᠡᠭᠷᠢᠰ ᠤᠨ ᠤᠴᠢᠷ ᠵᠢᠴᠢ 《ᠠᠪᠠᠢ ᠬᠠᠰᠠᠷ ᠬᠦᠪᠡᠭᠦᠨ》 ᠳᠡᠬᠢ ᠲᠠᠢ᠌ᠨ ᠪᠠᠢ᠌ᠯᠳᠤᠭᠠᠨ ᠢ ᠴᠦᠮ ᠶᠢᠨᠷ ᠤᠵᠤᠭᠷ ᠮᠣᠩᠭ᠋ᠣᠯᠴᠤᠳ ᠤᠨ ᠴᠠᠭ ᠤᠯᠠᠷᠢᠯ ᠤᠨ ᠤᠷᠴᠢᠯ ᠬᠤᠪᠢᠷᠠᠯ ᠤᠨ ᠲᠤᠬᠠᠢ ᠠᠩᠬᠠᠨ ᠦ ᠪᠤᠷᠤᠭᠵᠢᠭᠤᠨ ᠳᠠᠨᠢᠯᠲᠠ ᠮᠦᠨ ᠬᠡᠰᠡᠨ ᠳ᠋ᠦᠩ ᠢ ᠭᠠᠷᠭᠠᠭᠰᠠᠨ ᠶᠤᠮ᠃ ᠡᠭᠦᠨ ᠦ ᠵᠠᠯᠭᠠᠮᠵᠢ ᠪᠤᠯᠤᠭᠰᠠᠨ ᠳᠤᠰ ᠦᠭᠦᠯᠡᠯ ᠳᠤ᠂ ᠰᠦᠰᠦᠭ ᠪᠢᠰᠢᠷᠠᠯ ᠤᠨ ᠦᠳᠬᠡᠷᠡᠬᠦ ᠳᠡᠦᠬᠡᠨ ᠶᠠᠪᠤᠴᠠ ᠶᠢ ᠳᠠᠭᠠᠯᠳᠤᠨ 99 ᠳᠡᠭᠷᠢᠰ ᠲᠤ ᠰᠠᠬᠢᠭᠤᠯᠰᠤᠨ ᠰᠢᠨᠵᠢ ᠤᠷᠤᠵᠤ᠂ ᠠᠵᠢᠯ ᠦᠢᠯᠡᠰ ᠤᠨ ᠲᠤᠰᠢᠶᠠᠯ ᠢᠯᠭᠠᠷᠠᠪᠠ᠃ ᠡᠭᠦᠨ ᠦ ᠤᠯᠠᠮ ᠡᠴᠡ᠂ ᠤᠵᠤᠭᠤᠷ《ᠬᠠᠷ ᠠ᠂ ᠴᠠᠭᠠᠨ》ᠬᠤᠶᠠᠷᠬᠠᠨ ᠦᠩᠭᠡ ᠳᠤ ᠵᠠᠳᠠᠷᠠᠯ ᠭᠠᠷᠴᠤ᠂ ᠤᠯᠠᠭᠠᠨ ᠰᠢᠷ ᠠ ᠴᠤᠬᠤᠷ ᠬᠤᠩᠭᠤᠷ᠂ ᠪᠦᠷᠳᠡ ᠂ ᠪᠤᠷᠤ ᠡᠷᠢᠶᠠᠨ᠁ ᠮᠡᠳᠦ ᠪᠡᠷ ᠤᠯᠠᠰᠢᠷᠠᠵᠤ ᠢᠷᠭᠡᠨ ᠦ ᠪᠠ ᠱᠠᠰᠢᠨ ᠦ ᠶᠢᠷᠳᠢᠨᠴᠦ ᠨᠡᠩ ᠪᠤᠳᠤᠯᠢᠶᠠᠨᠳᠤᠭᠰᠠᠨ ᠢ ᠮᠦᠷᠳᠡᠨ ᠭᠠᠷᠭᠠᠪᠠ᠃ ᠬᠡᠪᠡᠴᠦ ᠬᠠᠷ ᠠ — ᠬᠠᠷᠭᠢᠰ ᠰᠦᠭᠡᠷᠡᠬᠦ᠂ ᠡᠬᠡᠴᠢᠯᠠᠯ ᠤᠨ ᠪᠤᠷᠤ ᠡᠮ ᠡ ᠬᠦᠢᠰᠦ᠂ ᠴᠠᠭᠠᠨ — ᠵᠦᠭᠡᠯᠡᠨ ᠡᠶᠡᠷᠡᠬᠦ᠂ ᠡᠬᠡᠴᠢᠯᠠᠯ ᠤᠨ ᠪᠤᠶᠤ ᠡᠷ ᠠ ᠬᠦᠢᠰᠦ ᠬᠡᠮᠡᠬᠦ ᠦᠨᠳᠦᠰᠦᠨ ᠦᠵᠡᠯᠳᠡ ᠶᠢ ᠴᠤᠭᠴᠠᠯᠠᠭᠠᠳ ᠵᠡᠭᠦᠨ ᠦ 44ᠳᠡᠭᠷᠢ ᠪᠤᠯᠤᠨ ᠪᠠᠷᠠᠭᠤᠨ ᠦ 44ᠳᠡᠭᠷᠢ ᠶᠢ ᠠᠩᠬᠢᠯᠠᠨ ᠵᠠᠭᠰᠠᠭᠠᠪᠠ᠃ ᠮᠦᠨ ᠬᠤᠵᠢᠮ ᠨᠡᠮᠡᠭᠳᠡᠭᠰᠡᠨ ᠱᠠᠰᠢᠨ ᠦ ᠳᠡᠭᠷᠢᠰ ᠢ ᠴᠤ ᠰᠤᠶᠤᠯ ᠤᠨ ᠲᠠᠯ ᠠ ᠪᠡᠷ ᠴᠡᠭᠴᠡᠯᠡᠪᠡ᠃ ᠡᠭᠦᠨ ᠡᠴᠡ᠂ ᠮᠣᠩᠭ᠋ᠣᠯᠴᠤᠳ  ᠤᠨ ᠤᠵᠤᠭᠤᠷ ᠰᠡᠳᠬᠢᠬᠦᠢ ᠤᠬᠠᠮᠰᠠᠷ ᠤᠨ ᠤᠯᠡ ᠮᠦᠷ ᠢ ᠳᠤᠲᠤᠷᠠᠭᠤᠯᠬᠤ ᠶᠢ ᠵᠤᠷᠢᠭᠰᠠᠨ ᠶᠤᠮ᠃ ᠳᠠᠭᠠᠤ ᠳᠤᠨᠢ 99 ᠳᠡᠭᠷᠢᠰ ᠢ ᠪᠤᠳ᠋ᠳ᠋ᠾᠨ ᠶᠢᠨ 33ᠳᠡᠭᠷᠢ ᠲᠠᠢ ᠠᠩᠬ᠎ᠠ ᠠᠯᠬᠤᠮ ᠤᠨ ᠬᠠᠷᠢᠴᠠᠭᠤᠯᠤᠯ ᠬᠢᠵᠡᠢ᠃
Original Literature View Original Paper
出自 内蒙古大学学报 2001年 第4期

联系我们


内蒙古大学图书馆
呼和浩特市大学西路235号
中国·内蒙古
P: (0471) 4992561
E: huangfeilong@imu.edu.cn