Paper Information


Title ᠡᠮᠦᠨᠡᠳᠦ ᠮᠠᠨᠵᠦ ᠶᠢᠨ ᠲᠡᠮᠦᠷ ᠵᠠᠮ ᠤᠨ ᠭᠦᠩᠰᠸ ᠡᠴᠡ ᠦᠪᠦᠷ ᠮᠣᠩᠭᠣᠯ ᠤᠷᠤᠨ ᠳᠤ ᠬᠢᠭ᠍ᠰᠡᠨ ᠪᠠᠢ᠌ᠴᠠᠭᠠᠯᠲᠠ ᠶᠢᠨ ᠲᠤᠬᠠᠢ ᠰᠢᠨᠵᠢᠯᠡᠨ ᠦᠭᠦᠯᠡᠬᠦ ᠨᠢ
Creator ᠴᠢ‍᠂ ᠪᠠᠢ ᠱᠦᠨ
Keyword ᠶᠠᠫᠤᠨ ᠡᠵᠡᠷᠭᠡᠭ᠌ ᠲᠦᠷᠢᠮᠡᠬᠡᠢ᠌ᠳᠡᠨ; ᠡᠮᠤᠨᠡᠳᠦ ᠮᠠᠨᠵᠦ ᠶᠢᠨ ᠳᠡᠮᠦᠷ ᠵᠠᠮ ᠤᠨ ᠭᠦᠩᠰᠸ; ᠦᠪᠦᠷ ᠮᠣᠩᠭᠣᠯ ᠤᠷᠤᠨ ;ᠪᠠᠢ᠌ᠴᠠᠭᠠᠯᠲᠠ 
Abstract ᠬᠤᠷᠢᠳᠤᠭᠠᠷ ᠵᠠᠭᠤᠨ ᠦ ᠡᠬᠢᠨ ᠦ ᠦᠶ ᠡ ᠪᠠᠷ ᠪᠠᠢ᠌ᠭᠤᠯᠤᠭᠳᠠᠭᠰᠠᠨ ᠡᠮᠤᠨᠡᠳᠦ ᠮᠠᠨᠵᠦ ᠶᠢᠨ ᠳᠡᠮᠦᠷ ᠵᠠᠮ ᠤᠨ ᠭᠦᠩᠰᠸ ᠪᠤᠯ ᠶᠠᠫᠤᠨ ᠡᠵᠡᠷᠭᠡᠭ᠌ ᠲᠦᠷᠢᠮᠡᠬᠡᠢ᠌ᠳᠡᠨ ᠡᠴᠡ ᠳᠤᠮᠳᠠᠳᠤ ᠤᠯᠤᠰ ᠤᠨ ᠵᠡᠭᠦᠨ ᠬᠤᠢ᠌ᠳᠤ ᠤᠷᠤᠨ ᠳᠤ ᠪᠠᠢ᠌ᠭᠤᠯᠤᠭᠰᠠᠨ 《ᠮᠠᠨᠵᠦ ᠶᠢ ᠺᠤᠯᠤᠨᠢᠴᠢᠯᠡᠬᠤ ᠲᠦᠷᠦ ᠶᠢᠨ ᠪᠤᠳᠤᠯᠭ᠎ᠠ ᠶᠢ ᠡᠷᠬᠢᠯᠡᠨ ᠬᠡᠷᠡᠭᠵᠢᠭᠦᠯᠭᠦ ᠪᠤᠳᠠᠳᠤ ᠬᠠᠷᠢᠭᠤᠴᠠᠯᠭ᠎ᠠ ᠡᠭᠦᠷᠭᠡᠯᠡᠵᠦ ᠪᠠᠢ᠌ᠭᠰᠠᠨ》ᠮᠤᠨᠳᠠᠭ ᠲᠤᠮᠤ《ᠲᠦᠷᠦ ᠶᠢᠨ ᠪᠤᠳᠤᠯᠭ᠎ᠠ ᠶᠢᠨ ᠪᠠᠢ᠌ᠭᠤᠯᠤᠮᠵᠢ》 ᠪᠤᠯᠬᠤ ᠶᠤᠮ᠃ ᠳᠤᠰ ᠭᠦᠩᠰᠸ ᠡᠴᠡ ᠶᠠᠫᠤᠨ ᠦ ᠵᠠᠰᠠᠭ ᠤᠨ ᠤᠷᠳᠤᠨ᠂ ᠭᠤᠸᠠᠨ ᠳ᠋ᠦᠩ ᠵᠢᠶᠦ᠋ᠨ ᠴᠡᠷᠢᠭ ᠤᠨ ᠲᠤᠬᠢᠯᠳᠠ ᠲᠤᠤᠷ ᠠ ᠥᠪᠥᠷ ᠮᠣᠩᠣᠯ ᠤᠷᠤᠨ ᠢ ᠪᠠᠭᠳᠠᠭᠠᠭᠰᠠᠨ ᠳᠤᠮᠳᠠᠳᠤ ᠤᠯᠤᠰ ᠤᠨ ᠨᠤᠳᠤᠭ ᠳᠡᠪᠢᠰᠭᠡᠷ ᠲᠤ 《ᠳᠡᠯᠡᠬᠡᠢ ᠳᠤ ᠠᠯᠳᠠᠷᠰᠢᠭᠰᠠᠨ ᠬᠦᠷᠦᠩᠭᠡ ᠶᠢᠨ ᠬᠦᠴᠦᠨ ᠵᠢᠴᠢ ᠶᠢᠷᠳᠢᠨᠴᠦ ᠳᠤ ᠬᠤᠤᠰ ᠦᠭᠡᠢ ᠪᠠᠢ᠌ᠭᠤᠯᠤᠮᠵᠢ ᠴᠤᠭᠴᠠ ᠪᠠᠨ ᠠᠰᠢᠭᠯᠠᠨ》᠂《ᠨᠡᠷ ᠡ ᠳᠡᠭᠡᠷ ᠡ ᠪᠠᠨ ᠲᠡᠮᠦᠷ ᠵᠠᠮ ᠡᠵᠡᠭᠨᠡᠨ᠂ ᠨᠢᠳᠡᠷ ᠳᠡᠭᠡᠷ ᠡ ᠪᠠᠢᠨ ᠵᠦᠢᠯ ᠪᠦᠭᠦᠨ ᠢ ᠡᠷᠬᠢᠯᠠᠨ ᠶᠠᠪᠤᠭᠳᠠᠭᠤᠯᠵᠤ ᠪᠠᠢ᠌ᠭᠰᠠᠨ》ᠶᠤᠮ᠃ ᠥᠪᠥᠷ ᠮᠣᠩᠭᠣᠯ ᠤᠷᠤᠨ ᠳᠤ ᠶᠠᠪᠤᠭᠤᠯᠤᠭᠰᠠᠨ ᠡᠯᠳᠡᠪ ᠠᠭᠤᠯᠭ᠎ᠠ ᠶᠢ ᠬᠠᠮᠤᠷᠤᠭᠰᠠᠨ ᠤᠯᠠᠨ ᠤᠳᠠᠭᠠᠨ ᠦ ᠪᠠᠢ᠌ᠴᠠᠭᠠᠯᠲᠠ ᠪᠤᠯ ᠳᠡᠭᠦᠨ ᠦ ᠪᠤᠳᠠᠳᠤ ᠢᠯᠡᠷᠡᠯ ᠤᠨ ᠨᠢᠭᠡ ᠨᠢ ᠪᠤᠯᠬᠤ ᠪᠦᠭᠡᠳ ᠪᠠᠢ᠌ᠴᠠᠭᠠᠯᠲᠠ ᠪᠡᠷ ᠳᠠᠮᠵᠢᠨ ᠡᠮᠬᠢᠳᠭᠡᠨ ᠴᠤᠭᠯᠠᠭᠤᠯᠤᠭᠰᠠᠨ ᠰᠤᠷᠠᠭ ᠵᠠᠩᠬᠢ ᠵᠢᠴᠢ ᠪᠠᠢ᠌ᠴᠠᠭᠠᠯᠲᠠ ᠶᠢᠨ ᠮᠠᠲ᠋ᠸᠷᠢᠶᠠᠯ ᠨᠢ ᠶᠠᠫᠤᠨ ᠡᠵᠡᠷᠭᠡᠭ᠌ ᠲᠦᠷᠢᠮᠡᠬᠡᠢ᠌ᠳᠡᠨ ᠡᠴᠡ ᠳᠤᠰ ᠭᠠᠵᠠᠷ ᠤᠷᠤᠨ ᠢ ᠲᠦᠷᠢᠮᠡᠬᠡᠢ᠌ᠯᠡᠨ ᠡᠵᠡᠯᠡᠵᠦ᠂ ᠺᠤᠯᠤᠨᠢᠴᠢᠯᠡᠨ ᠨᠤᠶᠠᠷᠬᠠᠬᠤ ᠲᠦᠷᠦ ᠶᠢᠨ ᠪᠤᠳᠤᠯᠭ᠎ᠠ ᠬᠡᠷᠡᠭᠵᠢᠭᠦᠯᠬᠦ ᠳᠤᠨᠢ ᠦᠨᠳᠦᠰᠦᠯᠡᠯ ᠪᠡᠷᠢᠮᠳᠡ ᠬᠠᠩᠭ᠋ᠠᠵᠤ ᠪᠠᠢ᠌ᠭᠰᠠᠨ ᠶᠤᠮ᠃
Original Literature View Original Paper
出自 内蒙古大学学报 2008年 第3期

联系我们


内蒙古大学图书馆
呼和浩特市大学西路235号
中国·内蒙古
P: (0471) 4992561
E: huangfeilong@imu.edu.cn