Paper Information


Title ᠤᠷᠴᠢᠨ ᠦᠶ ᠡ ᠶᠢᠨ ᠮᠣᠩᠭᠣᠯ ᠡᠮᠡᠭᠳᠡᠢ᠌ᠴᠤᠳ ᠤᠨ ᠭᠡᠭᠡᠷᠡᠯ
Creator ᠨᠠᠮᠢᠶ ᠠ
Keyword ᠤᠷᠴᠢᠨ ᠦᠶ ᠡ ; ᠮᠣᠩᠭᠣᠯ ᠡᠮᠡᠭᠳᠡᠢ᠌ᠴᠤᠳ ; ᠭᠡᠭᠡᠷᠡᠯ
Abstract ᠳᠤᠰ ᠦᠭᠦᠯᠡᠯ ᠳᠤ᠂ ᠬᠤᠷᠢᠳᠤᠭᠠᠷ ᠵᠠᠭᠤᠨ ᠦ ᠡᠮᠦᠨ᠎ᠡ ᠬᠠᠭᠠᠰ ᠲᠡᠬᠢ ᠮᠣᠩᠭᠣᠯ ᠡᠮᠡᠭᠳᠡᠢ᠌ᠴᠤᠳ ᠤᠨ ᠰᠤᠶᠤᠯ ᠭᠡᠭᠡᠷᠡᠯ ᠤᠨ ᠤᠯᠠ ᠮᠦᠷ ᠢ ᠲᠤᠳᠤᠷᠠᠭᠤᠯᠬᠤ ᠶᠢ ᠮᠡᠷᠡᠢ᠌ᠪᠡ᠃ ᠵᠤᠬᠢᠶᠠᠯ ᠳᠤ᠂ ᠲᠤᠷᠠᠳᠤᠨ ᠪᠦᠬᠦᠢ ᠬᠤᠭᠤᠴᠠᠭᠠᠨ ᠳᠡᠬᠢ ᠮᠣᠩᠭᠣᠯ ᠡᠮᠡᠭᠳᠡᠢ᠌ᠴᠤᠳ ᠤᠨ ᠰᠢᠨ᠎ᠡ ᠴᠠᠭ ᠤᠨ ᠰᠤᠶᠤᠯ ᠮᠡᠳᠡᠯᠭᠡ᠂ ᠡᠳ᠋  ᠤᠨ ᠪᠤᠯᠪᠤᠰᠤᠨ ᠢ ᠢᠳᠡᠪᠬᠢᠳᠡᠢ ᠬᠦᠯᠢᠶᠡᠨ ᠠᠪᠴᠤ ᠪᠠᠢ᠌ᠭᠰᠠᠨ ᠪᠠᠢ᠌ᠳᠠᠯ᠂ ᠬᠠᠢ᠌ᠷᠠᠯᠠᠨ ᠰᠤᠷᠤᠯᠴᠠᠬᠤ ᠤᠷᠤᠰᠬᠠᠯ ᠳᠤ ᠬᠤᠮᠢᠭᠳᠠᠨ ᠤᠷᠤᠭᠰᠠᠨ ᠵᠢᠴᠢ ᠨᠡᠢ᠌ᠭᠡᠮ ᠤᠨ ᠠᠵᠢᠯᠯᠠᠭᠠᠨ ᠳᠤ ᠱᠠᠯᠠᠮᠠᠭᠠᠢ᠌ᠯᠠᠨ ᠤᠷᠤᠯᠴᠠᠵᠤ ᠪᠠᠢ᠌ᠭᠰᠠᠨ ᠵᠡᠷᠭᠡ ᠤᠯᠠᠨ ᠲᠠᠯ ᠠ ᠶᠢᠨ ᠭᠡᠷᠡᠭ ᠤᠴᠢᠷ ᠢ ᠳᠡᠯᠭᠡᠭ᠍ᠰᠡᠨ ᠪᠠᠢ᠌ᠨ᠎ᠠ᠃ ᠪᠤᠳᠠᠲᠠᠢ ᠮᠠᠲ᠋ᠸᠷᠢᠶᠠᠯ ᠢ ᠳᠡᠯᠭᠡᠨ ᠲᠤᠭᠠᠴᠢᠬᠤ ᠶᠢᠨ ᠬᠠᠮᠳᠦ ᠤᠷᠴᠢᠨ ᠦᠶ ᠡ  ᠶᠢᠨ   ᠮᠣᠩᠭᠣᠯ ᠡᠮᠡᠭᠳᠡᠢ᠌ᠴᠤᠳ  ᠤᠨ ᠦᠵᠡᠯᠳᠡ ᠳᠠᠨᠢᠯᠳᠡ ᠶᠢ ᠬᠤᠷᠢᠶᠠᠩᠭ᠋ᠤᠢ᠌ᠯᠠᠨ ᠂ ᠡᠮᠡᠭᠳᠡᠢ᠌ᠴᠤᠳ ᠤᠨ ᠬᠦᠮᠦᠵᠢᠯ ᠤᠨ ᠠᠷᠦ ᠳᠤ ᠨᠢᠭᠤᠭᠳᠠᠵᠤ ᠪᠠᠢ᠌ᠭᠰᠠᠨ ᠪᠤᠳᠤᠯᠢᠶᠠᠨᠲᠠᠢ ᠤᠷᠴᠢᠨ ᠢ ᠵᠠᠳᠠᠯᠵᠤ᠂ ᠦᠪᠡᠷ ᠤᠨ ᠦᠵᠡᠯᠳᠡ ᠪᠡᠨ ᠳᠡᠪᠰᠢᠭᠦᠯᠦᠭᠰᠡᠨ ᠪᠠᠢ᠌ᠨ᠎ᠠ᠃ 
Original Literature View Original Paper
出自 内蒙古大学学报 2008年 第2期

联系我们


内蒙古大学图书馆
呼和浩特市大学西路235号
中国·内蒙古
P: (0471) 4992561
E: huangfeilong@imu.edu.cn