Title |
ᠡᠷᠲᠡ ᠪᠦᠬᠦ ᠰᠢᠨ᠎ᠡ ᠦᠶ᠎ᠡ ᠶᠢᠨ ᠤᠯᠠᠭᠠᠨ ᠪᠦᠬᠡ ᠡᠯᠡᠰᠦᠨ ᠴᠦᠯ ᠳᠡᠬᠢ ᠨᠠᠭᠤᠷ ᠤᠨ ᠤᠯᠠᠷᠢᠨ ᠬᠤᠪᠢᠷᠠᠯᠲᠠ |
Creator |
ᠵᠤᠤ ᠳ᠋ᠠᠨ ᠳ᠋ᠠᠨ |
Keyword |
ᠤᠯᠠᠭᠠᠨ ᠪᠦᠬᠡ ᠡᠯᠡᠰᠦᠨ ᠴᠦᠯ; ᠡᠷᠲᠡ ᠪᠦᠬᠦ ᠰᠢᠨ᠎ᠡ ᠦᠶ᠎ᠡ; ᠡᠷᠲᠡᠨ ᠦ ᠨᠠᠭᠤᠷ |
Abstract |
ᠤᠯᠠᠭᠠᠨ ᠪᠦᠬᠡ ᠡᠯᠡᠰᠦᠨ ᠴᠦᠯ ᠳᠦ ᠦᠷᠭᠡᠨ ᠬᠡᠪᠴᠢᠶᠡᠨ ᠦ ᠬᠡᠭᠡᠷ᠎ᠡ ᠭᠠᠳᠠᠨᠠᠬᠢ ᠰᠢᠨᠵᠢᠯᠡᠯᠲᠡ ᠬᠢᠬᠦ ᠪᠡᠷ ᠳᠠᠮᠵᠢᠨ᠂ ᠲᠡᠳᠡᠭᠡᠷ ᠲᠦ OSL ᠪᠠ ᠨᠡᠭᠦᠷᠡᠰᠦᠳᠦ᠋ᠷᠦᠭᠴᠢ C-14 ᠪᠠᠷ ᠴᠠᠭ ᠦᠶ᠎ᠡ ᠶᠢ ᠰᠤᠳᠤᠯᠬᠤ ᠠᠷᠭ᠎ᠠ ᠶᠢ ᠬᠡᠷᠡᠭᠯᠡᠵᠦ᠂ ᠤᠯᠠᠭᠠᠨ ᠪᠦᠬᠡ ᠡᠯᠡᠰᠦᠨ ᠴᠦᠯ ᠳᠦ ᠣᠷᠤᠰᠢᠵᠤ ᠪᠠᠢᠭ᠎ᠠ ᠡᠷᠲᠡᠨ ᠦ ᠨᠠᠭᠤᠷ ᠤᠨ ᠳᠡᠨᠵᠢ ᠶᠢᠨ ᠲᠤᠨᠤᠮᠠᠯ ᠪᠤᠳᠠᠰ᠂ ᠨᠠᠭᠤᠷ ᠤᠨ ᠡᠯᠡᠰᠦᠨ ᠬᠤᠰᠢᠭᠤ ᠪᠤᠯᠤᠨ ᠡᠯᠡᠰᠦᠨ ᠳᠤᠪᠤᠷᠬᠠᠭ ᠤᠨ ᠬᠤᠭᠤᠷᠤᠨᠳᠤᠬᠢ ᠭᠦᠨ ᠴᠡᠩᠭᠡᠷ ᠨᠠᠩᠭᠢ ᠰᠢᠷᠦᠢ ᠬᠢᠭᠡᠳ ᠬᠠᠪᠲᠠᠭᠠᠢ ᠤᠷᠢᠶᠠᠮᠠᠯ ᠬᠢᠰᠤᠭ᠎ᠠ ᠪᠠ ᠲᠤᠩ ᠵᠡᠷᠭᠡ ᠡᠷᠲᠡᠨ ᠦ ᠠᠮᠢᠳᠤ ᠪᠤᠳᠠᠰ ᠤᠨ ᠦᠯᠡᠳᠡᠭᠳᠡᠯ ᠳᠦ ᠴᠠᠭ ᠦᠶ᠎ᠡ ᠶᠢᠨ ᠬᠡᠮᠵᠢᠯᠲᠡ ᠬᠢᠵᠡᠢ᠃ ᠬᠡᠮᠵᠢᠭᠰᠡᠨ ᠳ᠋ᠦᠩ ᠳᠦ᠄ ᠲᠤᠩ ᠤᠨ ᠪᠤᠢ ᠪᠤᠯᠤᠭᠰᠠᠨ ᠴᠠᠭ ᠦᠶ᠎ᠡ ᠶᠢᠨ ᠣᠯᠠᠩᠭᠢ ᠨᠢ 9.9 ~ 9.4kaBP.᠋ ᠶᠢᠨ ᠬᠤᠭᠤᠷᠤᠨᠳᠤ ᠣᠷᠤᠰᠢᠵᠤ᠂ ᠣᠳᠣ ᠶᠢᠨ ᠡᠯᠡᠰᠦᠨ ᠴᠦᠯ ᠨᠢ ᠡᠷᠲᠡᠨ ᠦ ᠨᠠᠭᠤᠷ ᠪᠠᠢᠭᠰᠠᠨ ᠢ ᠨᠤᠲᠠᠯᠠᠵᠠᠢ᠃ ᠨᠠᠭᠤᠷ ᠤᠨ ᠡᠷᠭᠢ ᠶᠢᠨ ᠲᠤᠨᠤᠮᠠᠯ ᠪᠤᠳᠠᠰ ᠨᠢ 7.71kaBP. ᠣᠷᠴᠢᠮ ᠪᠤᠢ ᠪᠤᠯᠵᠠᠢ᠃ ᠪᠠᠷᠤᠭ ᠣᠳᠣ ᠠᠴᠠ 8 ᠮᠢᠩᠭᠠᠨ ᠵᠢᠯ ᠦᠨ ᠡᠮᠦᠨᠡᠬᠢ ᠦᠶ᠎ᠡ ᠶᠢᠨ ᠰᠡᠭᠦᠯᠡᠷ ᠲᠤᠰ ᠣᠷᠤᠨ ᠤ ᠠᠭᠤᠷ ᠠᠮᠢᠰᠬᠤᠯ ᠨᠢ ᠭᠠᠩ ᠬᠠᠭᠤᠷᠠᠢ ᠪᠤᠯᠵᠤ᠂ ᠡᠷᠲᠡᠨ ᠦ ᠨᠠᠭᠤᠷ ᠤᠨ ᠤᠰᠤ ᠡᠬᠢᠯᠡᠨ ᠱᠤᠷᠪᠤᠭᠵᠢᠵᠤ᠂ ᠤᠰᠤᠨ ᠲᠦᠪᠰᠢᠨ ᠳᠤᠷᠤᠭᠰᠢᠯᠠᠨ᠂ ᠡᠮᠦᠨ᠎ᠡ ᠡᠴᠡ ᠬᠤᠢᠨ᠎ᠠ ᠵᠦᠭ ᠬᠠᠳᠠᠩᠭᠢᠷᠠᠵᠤ᠂ ᠡᠷᠲᠡᠨ ᠦ ᠨᠠᠭᠤᠷ ᠵᠠᠳᠠᠷᠠᠨ᠂ ᠨᠠᠭᠤᠷ ᠤᠨ ᠬᠤᠷᠠᠳᠠᠰᠤ ᠰᠠᠯᠬᠢᠨ ᠤ ᠦᠯᠢᠶᠡᠭᠳᠡᠭᠡᠳ ᠣᠳᠤᠬᠠᠨ ᠤ ᠤᠯᠠᠭᠠᠨ ᠪᠦᠬᠡ ᠡᠯᠡᠰᠦᠨ ᠴᠦᠯ ᠪᠤᠯᠤᠭᠰᠠᠨ ᠪᠠᠢᠨ᠎ᠠ᠃ |
Original Literature |
No Original Paper
|
出自 |
内蒙古师范大学学报(自然科学蒙古文版)
2014年
第3期
|