Paper Information


Title 《ᠵᠠᠩᠭᠠᠷ》ᠲᠡᠬᠢ ᠲᠡᠭᠷᠢ ᠶᠢᠨ ᠰᠢᠲᠦᠯᠭᠡ ᠶᠢᠨ ᠬᠦᠨ ᠤᠬᠠᠭᠠᠨ ᠤ ᠰᠡᠳᠬᠢᠬᠦᠢ ᠵᠢ ᠰᠢᠨᠵᠢᠯᠡᠬᠦ ᠨᠢ
Creator ᠵᠤᠤ ᠮᠧᠢ ᠯᠠᠠ
Keyword ᠲᠡᠭᠷᠢ ᠂ᠪᠣᠰᠤᠳᠴᠢ ᠤᠷᠤᠰᠢᠬᠤᠢ᠂ ᠶᠢᠷᠲᠢᠨᠴᠦ ᠶᠢᠨ ᠤᠭ ᠡᠬᠢ᠂ ᠬᠤᠶᠠᠷ ᠠᠰᠢ ᠶᠢᠨ ᠡᠰᠡᠷᠭᠦᠴᠡᠯᠳᠦᠯ᠂ ᠲᠡᠭᠷᠢ ᠶᠢᠨ ᠵᠠᠶᠠᠭ᠎ᠠ
Abstract ᠲᠤᠰ ᠦᠭᠦᠯᠡᠯ ᠳ᠋ᠤ᠂ 《ᠵᠠᠩᠭᠠᠷ》 ᠲᠤ ᠢᠯᠡᠷᠡᠭᠰᠡᠨ ᠲᠡᠭᠷᠢ ᠶᠢᠨ ᠰᠢᠲᠦᠯᠭᠡ ᠶᠢᠨ ᠬᠤᠪᠢᠷᠠᠯ ᠬᠦᠭᠵᠢᠯ ᠤᠨ ᠶᠠᠪᠤᠴᠠ ᠵᠢ ᠵᠠᠳᠠᠯᠤᠨ ᠰᠢᠨᠵᠢᠯᠡᠬᠦ ᠪᠡᠷ ᠲᠠᠮᠵᠢᠵᠤ᠂ ᠲᠡᠬᠦᠨ ᠡᠴᠡ ᠡᠷᠲᠡᠨ ᠤ ᠮᠣᠩᠭᠤᠯᠴᠤᠳ ᠤᠨ ᠲᠡᠭᠷᠢ ᠶᠢᠨ ᠲᠣᠬᠠᠢ ᠲᠠᠨᠢᠪᠤᠷᠢ ᠰᠡᠳᠬᠢᠬᠦᠢ ᠨᠢ ᠲᠡᠭᠷᠢ ᠵᠢ ᠪᠠᠢᠭᠠᠯᠢ ᠶᠢᠨ ᠪᠣᠳᠤᠳᠴᠢ ᠤᠷᠤᠰᠢᠬᠤᠢ ᠪᠡᠷ ᠲᠠᠨᠢᠭᠰᠠᠨ ᠪᠤᠷᠭᠤᠵᠢᠭᠤᠨ ᠪᠣᠳᠠᠰᠴᠢ ᠦᠵᠡᠯ ᠡᠴᠡ ᠶᠢᠷᠳᠢᠨᠴᠦ ᠶᠢᠨ ᠲᠦᠮᠡᠨ ᠪᠣᠳᠠᠰ ᠤᠨ ᠡᠭᠦᠳᠦᠭᠴᠢ ᠡᠬᠢ ᠦᠨᠳᠦᠰᠦ ᠪᠣᠯᠭᠠᠭᠰᠠᠨ ᠪᠣᠰᠤᠳᠴᠢ ᠰᠡᠳᠬᠢᠯᠴᠢ ᠦᠵᠡᠯ ᠤᠨ ᠤᠭ ᠴᠣᠭᠴᠠᠰ ᠤᠨ ᠦᠵᠡᠯᠲᠡ ᠳ᠋ᠤ ᠬᠦᠷᠴᠦ᠂ ᠲᠡᠬᠢᠨ ᠨᠡᠢᠭᠡᠮᠴᠢ ᠰᠢᠨᠵᠢ ᠪᠦᠬᠦᠢ ᠡᠰᠡᠷᠭᠦᠴᠡᠯᠳᠡᠭᠰᠡᠨ ᠲᠡᠭᠷᠢ ᠡᠴᠡ ᠬᠦᠮᠦᠨ ᠤ ᠬᠤᠪᠢ ᠵᠠᠶᠠᠭ᠎ᠠ ᠵᠢ ᠡᠵᠡᠮᠳᠡᠭᠰᠡᠨ᠂ ᠦᠢᠯᠡᠳᠦᠯᠭᠡ ᠶᠢᠨ ᠠᠵᠢᠯᠯᠠᠭ᠎ᠠ ᠶᠢᠨ ᠵᠦᠭᠯᠡᠭᠦᠷ ᠪᠣᠯᠤᠭᠰᠠᠨ ᠰᠢᠲᠦᠭᠡᠨ ᠤ ᠲᠡᠭᠷᠢ ᠳ᠋ᠤ ᠬᠦᠷᠦᠭᠰᠡᠨ ᠬᠦᠨ ᠤᠬᠠᠭᠠᠨᠯᠢᠭ ᠤᠬᠠᠮᠰᠠᠷ ᠰᠡᠳᠭᠢᠬᠦᠢ ᠶᠢᠨ ᠬᠦᠭᠵᠢᠯ ᠤᠨ ᠶᠠᠪᠤᠴᠠ ᠵᠢ ᠮᠦᠷᠳᠡᠨ ᠦᠭᠦᠯᠡᠪᠡ᠃
Original Literature View Original Paper
出自 内蒙古师范大学学报 2013年 第2期

联系我们


内蒙古大学图书馆
呼和浩特市大学西路235号
中国·内蒙古
P: (0471) 4992561
E: huangfeilong@imu.edu.cn